ᠪᠥᠬᠦ ᠬᠤᠲᠠ ᠶᠢᠨ ᠰᠣᠶᠣᠯ ᠵᠢᠭᠤᠯᠴᠢᠯᠠᠯ ᠤᠨ ᠲᠠᠯᠠᠪᠤᠷ ᠭᠠᠵᠠᠷ ᠢ ᠡᠮᠬᠢ ᠵᠢᠷᠤᠮ ᠲᠠᠢ ᠨᠡᠭᠡᠭᠡᠬᠦ ᠪᠠᠷ ᠪᠠᠶᠢᠨ᠎ᠠ
ᠨᠡᠶᠢᠲᠡᠯᠡᠭᠰᠡᠨ ᠴᠠᠭ᠄
2021/11/12
      ︵ ᠰᠣᠷᠪᠤᠯᠵᠢᠯᠠᠭᠴᠢ ᠰᠤᠷᠤᠨ᠎ᠠ︶ ᠥᠴᠥᠭᠡᠳᠦᠷ ᠬᠥᠬᠡᠬᠤᠲᠠ ᠶᠢᠨ ᠰᠣᠶᠣᠯ  ᠵᠢᠭᠤᠯᠴᠢᠯᠠᠯ ᠷᠠᠳᠢᠣ᠋ ᠲᠧᠯᠸᠢᠰ ᠤᠨ  ᠲᠣᠪᠴᠢᠶ᠎ᠠ ᠡᠪᠦᠯ ᠤᠨ ᠤᠯᠠᠷᠢᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠲᠤᠬᠢᠷᠠᠭᠤᠯᠤᠨ ᠪᠠᠶᠢᠷᠢᠯᠠᠭᠤᠯᠬᠤ ᠬᠤᠷᠠᠯ ᠬᠤᠷᠠᠯᠳᠤᠭᠤᠯᠵᠤ᠂ ᠰᠣᠶᠣᠯ ᠵᠢᠭᠤᠯᠴᠢᠯᠠᠯ ᠤᠨ ᠲᠠᠯᠠᠪᠤᠷ  ᠭᠠᠵᠠᠷ ᠢ ᠱᠠᠳᠤ ᠬᠤᠪᠢᠶᠠᠨ ᠲᠦᠷᠦᠯ ᠬᠤᠪᠢᠶᠠᠨ ᠡᠮᠬᠢ ᠳᠢᠭᠯᠢᠮ ᠲᠠᠢ ᠪᠠᠷ ᠰᠡᠷᠭᠦᠭᠡᠨ ᠨᠡᠭᠡᠭᠡᠬᠦ ᠬᠡᠷᠡᠭᠲᠡᠢ ᠭᠡᠵᠦ ᠱᠠᠭᠠᠷᠳᠠᠪᠠ᠃       ᠬᠤᠷᠠᠯ ᠠᠴᠠ ᠱᠠᠭᠠᠷᠳᠠᠭᠰᠠᠨ ᠨᠢ᠂ ᠵᠢᠭᠤᠯᠴᠢᠯᠠᠯ ᠤᠨ ᠬᠤᠷᠢᠶ᠎ᠠ ᠵᠢᠴᠢ ᠰᠦᠯᠵᠢᠶᠡᠨ ᠳᠡᠭᠡᠷᠡᠬᠢ ᠵᠢᠭᠤᠯᠴᠢᠯᠠᠯ ᠤᠨ ᠠᠵᠤ ᠠᠬᠤᠶᠢᠯᠠᠯ ᠬᠢᠯᠢ ᠪᠠᠷ ᠣᠷᠣᠵᠤ ᠭᠠᠷᠬᠤ ᠪᠦᠯᠬᠦᠮ ᠨᠡᠶᠢᠲᠡ ᠶᠢᠨ ᠵᠢᠭᠤᠯᠴᠢᠯᠠᠯ ᠪᠠ ︽ᠨᠢᠰᠬᠡᠯ ᠤᠨ ᠪᠢᠯᠧᠲ + ᠪᠠᠭᠤᠳᠠᠯ︾ ᠤᠨ ᠲᠤᠬᠠᠶᠢᠯᠠᠭᠰᠠᠨ ᠠᠵᠢᠯ ᠢ ᠡᠵᠡᠩᠨᠡᠵᠦ ᠪᠣᠯᠬᠤ ᠥᠬᠡᠶ᠂ ᠶᠠᠮᠠᠷᠪᠠ ᠬᠡᠯᠪᠡᠷᠢ ᠪᠠᠷ ᠬᠤᠪᠢᠷᠠᠭᠤᠯᠵᠤ ᠪᠣᠯᠬᠤ ᠥᠬᠡᠶ᠃ ᠮᠤᠵᠢ ᠠᠯᠤᠰᠯᠠᠭᠰᠠᠨ ᠵᠢᠭᠤᠯᠴᠢᠯᠠᠯ ᠤᠨ ᠡᠵᠡᠩᠨᠡᠯᠲᠡ ᠶᠢᠨ ᠠᠵᠢᠯᠯᠠᠭ᠎ᠠ ᠶᠢᠨ ᠬᠠᠮᠢᠶᠠᠷᠤᠯᠲᠠ ᠶᠢᠨ ︽  ᠲᠦᠷ ᠵᠣᠭᠰᠤᠭᠠᠬᠤ︾ ᠲᠣᠭᠲᠠᠴᠠ ᠶᠢ ᠦᠷᠭᠦᠯᠵᠢᠯᠡᠨ ᠬᠡᠷᠡᠭᠵᠢᠭᠦᠯᠵᠦ᠂ ᠵᠢᠭᠤᠯᠴᠢᠯᠠᠯ ᠤᠨ  ᠬᠤᠷᠢᠶ᠎ᠠ ᠵᠢᠴᠢ ᠰᠦᠯᠵᠢᠶᠡᠨ ᠳᠡᠭᠡᠷᠡᠬᠢ ᠵᠢᠭᠤᠯᠴᠢᠯᠠᠯ ᠤᠨ ᠠᠵᠤ ᠠᠬᠤᠶᠢᠯᠠᠯ ᠤᠨ ᠮᠤᠵᠢ ᠠᠯᠤᠰᠯᠠᠭᠰᠠᠨ ᠪᠦᠯᠬᠦᠮ ᠨᠡᠶᠢᠲᠡ ᠶᠢᠨ ᠵᠢᠭᠤᠯᠴᠢᠯᠠᠯ ᠵᠢᠴᠢ ︽ᠨᠢᠰᠬᠡᠯ ᠤᠨ ᠪᠢᠯᠧᠲ + ᠪᠠᠭᠤᠳᠠᠯ︾ ᠤᠨ ᠲᠤᠬᠠᠶᠢᠯᠠᠭᠰᠠᠨ ᠠᠵᠢᠯ ᠡᠵᠡᠩᠨᠡᠬᠦ ᠶᠢ ᠲᠦᠷ ᠵᠣᠭᠰᠣᠭᠠᠨ᠎ᠠ᠃ ᠵᠢᠭᠤᠯᠴᠢᠯᠠᠯ ᠤᠨ ᠲᠤᠰᠬᠠᠶ ᠭᠠᠯᠲᠤ ᠲᠡᠷᠭᠡ ᠡᠵᠡᠩᠨᠡᠬᠦ ᠲᠤᠬᠠᠶᠢᠯᠠᠭᠰᠠᠨ ᠠᠵᠢᠯ ᠢ ᠲᠦᠷ ᠵᠣᠭᠰᠣᠭᠠᠨ᠎ᠠ᠃ ᠳᠤᠮᠳᠠ ᠦᠨᠳᠦᠷ ᠵᠡᠷᠭᠡ ᠶᠢᠨ ᠲᠦᠭᠰᠢᠭᠦᠷᠢᠲᠡᠢ ᠭᠠᠵᠠᠷ ᠣᠷᠣᠨ ᠤ ᠵᠢᠭᠤᠯᠴᠢᠯᠠᠭᠴᠢᠳ ᠤᠨ ᠮᠠᠨ ᠤ ᠬᠤᠲᠠ ᠳᠤ ᠢᠷᠡᠵᠦ ᠵᠢᠭᠤᠯᠴᠢᠯᠠᠬᠤ  ᠬᠤᠯᠪᠤᠭᠳᠠᠯ ᠪᠥᠬᠦᠶ ᠲᠤᠬᠠᠶᠢᠯᠠᠭᠰᠠᠨ ᠠᠵᠢᠯ ᠢ ᠭᠥᠯᠢᠶᠡᠨ ᠠᠪᠴᠤ ᠪᠣᠯᠬᠤ ᠥᠬᠡᠶ᠃ ᠣᠷᠣᠨ ᠤ ᠳᠣᠲᠣᠷᠠᠬᠢ ᠣᠶᠢᠷ᠎ᠠ ᠵᠠᠮ ᠤᠨ ᠵᠢᠭᠤᠯᠴᠢᠯᠠᠯ ᠤᠨ ᠲᠤᠬᠠᠶᠢᠯᠠᠭᠰᠠᠨ ᠠᠵᠢᠯ ᠢ ᠳᠠᠭᠠᠭᠠᠨ ᠠᠪᠤᠭᠰᠠᠨ ᠵᠢᠭᠤᠯᠴᠢᠯᠠᠯ ᠤᠨ ᠬᠤᠷᠢᠶ᠎ᠠ ᠨᠢ ᠵᠢᠭᠤᠯᠴᠢᠯᠠᠭᠴᠢᠳ ᠤᠨ ᠡᠷᠡᠭᠦᠯ ᠮᠡᠨᠳᠦ ᠪᠠ ᠢᠷᠡᠯᠲᠡ ᠶᠢᠨ ᠭᠠᠵᠠᠷ ᠤᠨ ᠮᠡᠳᠡᠭᠡ ᠵᠠᠩᠭᠢ ᠶᠢ ᠴᠢᠩᠭ᠎ᠠ ᠪᠠᠶᠢᠴᠠᠭᠠᠨ ᠰᠢᠯᠭᠠᠵᠤ᠂ ᠳᠤᠮᠳᠠ ᠥᠨᠳᠦᠷ ᠵᠡᠷᠭᠡ ᠶᠢᠨ  ᠲᠥᠭᠰᠢᠭᠦᠷᠢᠲᠡᠢ ᠭᠠᠵᠠᠷ ᠣᠷᠣᠨ ᠪᠤᠶᠤ ᠡᠷᠡᠭᠦᠯ ᠮᠡᠨᠳᠦ ᠶᠢᠨ ᠺᠣᠳ᠋ ᠨᠢ ᠬᠡᠪ ᠤᠨ ᠪᠤᠰᠤ ᠵᠢᠭᠤᠯᠴᠢᠯᠠᠭᠴᠢᠳ ᠢ ᠭᠥᠯᠢᠶᠡᠨ ᠠᠪᠴᠤ ᠪᠣᠯᠬᠤ ᠥᠬᠡᠶ ᠭᠡᠵᠡᠢ᠃       ᠪᠥᠬᠦ ᠬᠤᠲᠠ ᠶᠢᠨ ᠮᠦᠽᠧᠶ᠂ ᠨᠣᠮ ᠤᠨ ᠰᠠᠩ᠂ ᠤᠷᠠᠨ ᠵᠢᠷᠤᠭ ᠤᠨ ᠣᠷᠳᠣᠨ᠂ ᠰᠣᠶᠣᠯ ᠤᠨ ᠣᠷᠳᠣᠨ ︵ᠥᠷᠲᠡᠭᠡ︶᠂ ᠵᠦᠴᠦᠭᠡ ᠶᠢᠨ ᠲᠢᠶᠠᠲᠷ ᠵᠢᠴᠢ ᠵᠤᠭ᠎ᠠ ᠴᠡᠩᠭᠡᠯ᠂ ᠢᠨᠲ᠋ᠧᠷ ᠰᠦᠯᠵᠢᠶᠡᠨ ᠤ ᠰᠦᠯᠵᠢᠶᠡᠨ ᠳᠤ ᠭᠠᠷᠬᠤ ᠦᠶ᠋ᠯᠡᠴᠢᠯᠡᠭᠡ᠂ ᠪᠡᠶ᠎ᠡ ᠶᠢᠨ ᠲᠠᠮᠢᠷ ᠤᠨ ᠪᠡᠶ᠎ᠡ ᠴᠢᠭᠢᠷᠠᠭᠵᠢᠭᠤᠯᠬᠤ ᠲᠠᠯᠠᠪᠤᠷ ᠭᠠᠵᠠᠷ ᠵᠡᠷᠭᠡ ᠬᠠᠷᠢᠴᠠᠩᠭᠤᠶ  ᠨᠢᠭᠲᠠ ᠪᠢᠲᠡᠭᠦᠮᠵᠢᠯᠡᠭᠰᠡᠨ ᠰᠣᠶᠣᠯ ᠵᠢᠭᠤᠯᠴᠢᠯᠠᠯ ᠤᠨ ᠲᠠᠯᠠᠪᠤᠷ ᠭᠠᠵᠠᠷ ᠨᠢ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠᠷᠢᠮᠵᠢᠶ᠎ᠠ ᠳᠤ ᠨᠡᠶᠢᠴᠡᠭᠰᠡᠨ᠂ ᠬᠢᠵᠢᠭ ᠢ ᠰᠡᠷᠭᠡᠶᠢᠯᠡᠬᠦ ᠡᠳ᠋ ᠪᠣᠳᠠᠰ ᠪᠦᠷᠢᠨ ᠭᠦᠢᠴᠡᠳ ᠪᠠᠶᠢᠬᠤ ᠤᠷᠢᠲᠠᠯ ᠳᠣᠤᠷ᠎ᠠ᠂ ᠬᠠᠷᠢᠶ᠎ᠠ ᠭᠠᠵᠠᠷ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ ᠪᠠ ᠬᠠᠷᠢᠶ᠎ᠠ ᠭᠠᠵᠠᠷ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠢᠶᠠᠷ ᠵᠥᠪᠰᠢᠶᠡᠷᠡᠭᠦᠯᠦᠭᠡᠳ᠂ ᠨᠡᠭᠡᠭᠡᠯᠲᠡᠲᠦ ᠡᠵᠡᠩᠨᠡᠯᠲᠡ ᠶᠢ ᠡᠮᠬᠢ ᠵᠢᠷᠤᠮ ᠲᠠᠢ ᠪᠠᠷ ᠰᠡᠷᠭᠦᠭᠡᠵᠦ ᠪᠣᠯᠤᠨ᠎ᠠ᠃ ︽ᠬᠡᠮᠵᠢᠶ᠎ᠡ ᠶᠢ ᠬᠢᠵᠠᠭᠠᠷᠯᠠᠬᠤ᠂ ᠤᠷᠢᠳᠴᠢᠯᠠᠨ ᠪᠣᠯᠵᠣᠬᠤ᠂ ᠣᠷᠭᠢᠯ ᠦᠶ᠎ᠡ ᠶᠢ ᠵᠥᠷᠢᠭᠦᠯᠬᠦ︾ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠡᠭᠦᠳᠡᠨ ᠪᠢᠯᠧᠲ ᠢ ᠤᠷᠢᠳᠴᠢᠯᠠᠨ ᠪᠣᠯᠵᠣᠬᠤ᠂ ᠦᠨᠡᠨ ᠨᠡᠷ᠎ᠡ ᠪᠠᠷ ᠳᠠᠩᠰᠠᠯᠠᠬᠤ᠂ ︽ᠨᠢᠭᠡ ᠮᠧᠲᠷ ᠤᠨ ᠱᠤᠭᠤᠮ︾᠂ ᠪᠡᠶ᠎ᠡ ᠶᠢᠨ ᠳᠤᠯᠠᠭᠠᠨ ᠢ ᠬᠡᠮᠵᠢᠬᠦ᠂ ᠠᠮᠠᠪᠴᠢ ᠵᠡᠭᠦᠬᠦ᠂ ︽ᠡᠷᠡᠭᠦᠯ ᠮᠡᠨᠳᠦ ᠶᠢᠨ ᠺᠣᠳ᠋︾ ︽ᠠᠶᠠᠯᠠᠯ ᠤᠨ ᠺᠤᠳ᠋︾ ᠢ ᠬᠠᠷᠭᠤᠭᠤᠯᠤᠨ ᠪᠠᠶᠢᠴᠠᠭᠠᠬᠤ ᠵᠡᠷᠭᠡ ᠲᠣᠭᠲᠠᠭᠠᠯ ᠢ ᠴᠢᠩᠭ᠎ᠠ ᠬᠡᠷᠡᠭᠵᠢᠭᠦᠯᠵᠦ᠂  ᠬᠦᠮᠦᠨ ᠢ ᠭᠥᠯᠢᠶᠡᠨ ᠠᠪᠬᠤ ᠬᠡᠮᠵᠢᠶ᠎ᠡ ᠶᠢ ᠴᠢᠩᠭ᠎ᠠ ᠬᠢᠵᠠᠭᠠᠷᠯᠠᠵᠤ᠂ ᠵᠠᠷᠴᠢᠮ ᠳᠡᠭᠡᠷ᠎ᠡ ᠪᠠᠨ ᠬᠢᠨᠠᠨ ᠲᠣᠭᠲᠠᠭᠠᠭᠰᠠᠨ ᠬᠥᠮᠦᠨ ᠤ ᠲᠤᠭ᠎ᠠ ᠶᠢᠨ 50% ᠠᠴᠠ ᠬᠡᠲᠦᠷᠡᠭᠦᠯᠵᠦ ᠪᠣᠯᠬᠤ ᠥᠬᠡᠶ᠃       ᠪᠥᠬᠦ ᠬᠤᠲᠠ ᠶᠢᠨ A ᠲᠠᠰ ᠤᠨ ᠵᠢᠭᠤᠯᠴᠢᠯᠠᠯ ᠤᠨ ᠦᠵᠡᠮᠵᠢ ᠶᠢᠨ ᠣᠷᠣᠨ ᠵᠢᠭᠤᠯᠴᠢᠯᠠᠭᠴᠢᠳ ᠢ ᠭᠥᠯᠢᠶᠡᠨ ᠠᠪᠬᠤ ᠳᠡᠭᠡᠳᠦ ᠬᠢᠵᠠᠭᠠᠷ ᠢ ᠴᠢᠩᠭ᠎ᠠ ᠪᠥᠭᠡᠳ ᠵᠦᠶ ᠵᠣᠬᠢᠰᠲᠠᠶ ᠳᠣᠭᠢᠷᠠᠭᠤᠯᠵᠤ᠂ ᠦᠨᠡᠨ ᠨᠡᠷ᠎ᠡ ᠶᠢᠨ ᠳᠦᠷᠢᠮᠲᠦ ᠡᠭᠦᠳᠡᠨ ᠪᠢᠯᠧᠲ ᠤᠨ ᠤᠷᠢᠳᠴᠢᠯᠠᠨ ᠪᠣᠯᠵᠣᠬᠤ ᠲᠦᠷᠢᠮ ᠢ ᠨᠠᠶᠢᠳᠠᠪᠤᠷᠢᠵᠢᠭᠤᠯᠤᠨ᠂ ᠵᠢᠭᠤᠯᠴᠢᠯᠠᠭᠴᠢᠳ ᠤᠨ ᠮᠡᠳᠡᠭᠡ ᠵᠠᠩᠭᠢ ᠶᠢ ᠪᠠᠶᠢᠴᠠᠭᠠᠨ ᠯᠠᠪᠯᠠᠵᠤ ᠮᠥᠷᠳᠡᠵᠦ ᠪᠣᠯᠬᠤ ᠶᠢ ᠦᠨᠡᠨᠬᠦ ᠪᠠᠲᠤᠯᠠᠬᠤ ᠬᠡᠷᠡᠭᠲᠡᠶ᠃ ᠪᠥᠬᠦ ᠬᠤᠲᠠ ᠶᠢᠨ ᠣᠳᠣᠨ ᠲᠠᠰ ᠤᠨ ᠵᠣᠴᠢᠳ ᠤᠨ ᠪᠠᠭᠤᠳᠠᠯ ᠺᠣᠳ᠋ ᠰᠢᠷᠪᠢᠵᠦ ᠳᠠᠩᠰᠠᠯᠠᠬᠤ ᠵᠡᠷᠭᠡ ᠲᠣᠭᠲᠠᠭᠠᠯ ᠢ ᠴᠢᠩᠭ᠎ᠠ ᠨᠠᠶᠢᠳᠠᠪᠤᠷᠢᠵᠢᠭᠤᠯᠵᠤ᠂ ᠣᠯᠠᠨ ᠨᠡᠶᠢᠲᠡ ᠶᠢᠨ ᠣᠷᠣᠨ ᠪᠦᠰᠡ᠂ ᠵᠤᠴᠢᠳ ᠤᠨ ᠬᠡᠷᠡᠭᠯᠡᠭᠡᠨ ᠤ ᠪᠤᠳᠠᠰ ᠢ ᠠᠷᠢᠭᠤᠳᠬᠠᠬᠤ ᠤᠳᠠᠭ᠎ᠠ ᠶᠢ ᠵᠦᠶ ᠵᠣᠬᠢᠰᠲᠠᠶ ᠲᠣᠬᠢᠷᠠᠭᠤᠯᠬᠤ ᠬᠡᠷᠡᠭᠲᠡᠢ᠃ ᠬᠠᠷᠢᠶ᠎ᠠ ᠭᠠᠵᠠᠷ ᠤᠨ ᠬᠤᠷᠠᠯ᠂ ᠠᠵᠢᠯᠯᠠᠭ᠎ᠠ᠂ ᠳᠠᠶᠢᠯᠠᠯᠭ᠎ᠠ ᠵᠡᠷᠭᠡ  ᠬᠦᠮᠦᠨ ᠬᠠᠷ᠎ᠠ ᠴᠤᠭᠯᠠᠷᠠᠬᠤ ᠠᠵᠢᠯᠯᠠᠭ᠎ᠠ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠱᠠᠭᠠᠷᠳᠠᠯᠭ᠎ᠠ ᠶᠢ ᠴᠢᠩᠭ᠎ᠠ ᠬᠡᠷᠡᠭᠵᠢᠭᠦᠯᠬᠦ ᠬᠡᠷᠡᠭᠲᠡᠶ᠃       ᠥᠪᠡᠷᠲᠡᠭᠡᠨ ᠵᠠᠰᠠᠬᠤ ᠣᠷᠣᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠤᠨ ᠲᠦᠭᠰᠢᠭᠦᠷᠢ ᠶᠢ ᠪᠥᠬᠦ ᠲᠠᠯ᠎ᠠ ᠪᠠᠷ ᠠᠷᠢᠯᠭᠠᠬᠤ ᠠᠴᠠ ᠡᠮᠦᠨ᠎ᠡ᠂ ᠡᠯ᠎ᠡ ᠲᠥᠷᠥᠯ ᠤᠨ ᠴᠤᠭᠯᠠᠷᠠᠯ ᠤᠨ ᠴᠢᠨᠠᠷᠲᠠᠶ ᠰᠣᠶᠣᠯ ᠤᠨ ᠪᠠ ᠵᠢᠭᠤᠯᠴᠢᠯᠠᠯ ᠤᠨ ᠠᠵᠢᠯᠯᠠᠭ᠎ᠠ ᠶᠢ ᠲᠦᠷ ᠵᠣᠭᠰᠣᠭᠠᠵᠤ᠂ ᠣᠷᠣᠨ ᠤ ᠭᠠᠳᠠᠨ᠎ᠠ ᠣᠴᠢᠵᠤ ᠰᠣᠶᠣᠯ ᠵᠢᠭᠤᠯᠴᠢᠯᠠᠯ ᠢ ᠤᠬᠠᠭᠤᠯᠤᠨ ᠳᠡᠯᠭᠡᠷᠡᠭᠦᠯᠬᠦ ᠠᠵᠢᠯᠯᠠᠭ᠎ᠠ ᠥᠷᠨᠢᠭᠦᠯᠬᠦ ᠶᠢ ᠲᠦᠷ ᠵᠣᠭᠰᠣᠭᠠᠨ᠎ᠠ᠃ ᠡᠷᠭᠢᠯᠡᠬᠦ ᠪᠠᠷ ᠲᠥᠯᠥᠪᠯᠡᠵᠦ ᠪᠠᠶᠢᠭ᠎ᠠ ᠡᠯ᠎ᠡ ᠱᠠᠲᠤᠨ ᠤ ᠡᠯ᠎ᠡ ᠲᠥᠷᠥᠯ ᠤᠨ ᠡᠪᠦᠯ ᠤᠨ ᠤᠯᠠᠷᠢᠯ ᠤᠨ ᠰᠣᠶᠣᠯ ᠵᠢᠭᠤᠯᠴᠢᠯᠠᠯ ᠤᠨ ᠠᠵᠢᠯᠯᠠᠭ᠎ᠠ ᠶᠢ ᠲᠦᠷ ᠬᠤᠶᠢᠰᠢᠯᠠᠭᠤᠯᠤᠨ᠎ᠠ᠃
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ