ᠤᠷᠳᠤ ᠰᠡᠬᠦᠯᠳᠤ ᠪᠤᠭᠤ ᠲᠠᠯᠠᠨ ᠬᠠᠷ᠎ᠠ ᠠᠭᠤᠯᠠᠨ ᠳᠤ ᠨᠤᠳᠤᠬᠰᠢᠯ᠎ᠠ
ᠨᠡᠶᠢᠲᠡᠯᠡᠭᠰᠡᠨ ᠴᠠᠭ᠄
2021/10/8
      ᠲᠦᠷᠦᠬᠦᠬᠡᠨ᠂ ᠦᠪᠦᠷ ᠮᠤᠩᠭᠤᠯ ᠤᠨ ᠳᠠᠯᠠᠨ ᠬᠠᠷ᠎ᠠ ᠠᠭᠤᠯᠠ ᠶᠢᠨ ᠤᠯᠤᠰ ᠤᠨ ᠲᠠᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠳᠤ ᠤᠷᠳᠤ ᠰᠡᠬᠦᠯᠳᠤ ᠪᠤᠭᠤ ᠶᠢ ᠪᠠᠶᠢᠭᠠᠯᠢ ᠳᠤᠨᠢ ᠪᠤᠴᠠᠭᠠᠬᠤ ᠠᠵᠢᠯᠯᠠᠭ᠎ᠠ ᠶᠠᠪᠤᠭᠳᠠᠵᠦ᠂ ᠤᠯᠤᠰ ᠤᠨ ᠣᠶ ᠰᠢᠭᠤᠶ ᠪᠠ ᠨᠤᠲᠤᠭ ᠪᠡᠯᠴᠢᠭᠡᠷ ᠤᠨ ᠲᠣᠪᠴᠢᠶ᠎ᠠ ᠪᠣᠯᠤᠨ ᠳᠤᠮᠳᠠᠳᠤ ᠤᠯᠤᠰ ᠤᠨ ᠬᠡᠭᠡᠷ᠎ᠡ ᠶᠢᠨ ᠠᠮᠢᠲᠠᠨ ᠢ ᠬᠠᠮᠠᠭᠠᠯᠠᠬᠤ ᠨᠡᠶᠢᠭᠡᠮᠯᠢᠭ ᠤᠨ ᠠᠵᠢᠯ ᠤᠨ ᠲᠣᠬᠢᠷᠠᠭᠤᠯᠤᠯᠲᠠ ᠶᠣᠰᠣᠭᠠᠷ᠂ ᠪᠡᠭᠡᠵᠢᠩ ᠪᠠ ᠵᠢᠶᠠᠩᠰᠤ ᠠᠴᠠ ᠠᠪᠴᠢᠷᠠᠭᠰᠠᠨ 27 ᠤᠷᠳᠤ ᠰᠡᠬᠦᠯᠳᠤ ᠪᠤᠭᠤ ᠶᠢ ᠥᠪᠥᠷ ᠮᠣᠩᠭᠤᠯ ᠤᠨ ᠳᠠᠯᠠᠨ ᠬᠠᠷ᠎ᠠ ᠠᠭᠤᠯᠠ ᠶᠢᠨ ᠤᠯᠤᠰ ᠤᠨ ᠲᠠᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠳᠤ ᠲᠠᠯᠪᠢᠭᠰᠠᠨ ᠪᠠᠶᠢᠨ᠎ᠠ᠃
      6376894461438165722113944.png
      ᠤᠷᠳᠤ ᠰᠡᠬᠦᠯᠳᠤ ᠪᠤᠭᠤ ᠲᠤᠭᠤᠷᠠᠶᠢᠳᠠᠨ ᠤ ᠪᠠᠭ᠂ ᠪᠤᠭᠤ ᠶᠢᠨ ᠢᠵᠠᠭᠤᠷ᠃ ᠲᠤᠯᠤᠭᠠᠢ ᠨᠢ ᠮᠤᠷᠢ᠂ ᠡᠪᠡᠷ ᠨᠢ ᠪᠤᠭᠤ᠂ ᠲᠤᠭᠤᠷᠠᠢ ᠨᠢ ᠦᠬᠡᠷ᠂ ᠰᠡᠭᠦᠯ ᠨᠢ ᠡᠯᠵᠢᠭᠡ ᠶᠢᠨ ᠬᠢ ᠲᠠᠢ ᠲᠦᠰᠦᠭᠡᠲᠠᠢ ᠪᠠᠶᠢᠳᠠᠭ ᠢᠶᠠᠷ ᠢᠶᠠᠨ ︽ᠳᠦᠷᠪᠡᠨ ᠠᠳᠠᠯᠢ ᠪᠢᠰᠢ︾ ᠬᠡᠮᠡᠨ ᠨᠡᠷᠡᠯᠡᠭᠳᠡᠳᠡᠭ᠃      ᠤᠷᠳᠤ ᠰᠡᠬᠦᠯᠳᠤ ᠪᠤᠭᠤ ᠪᠤᠯ ᠳᠡᠯᠡᠬᠡᠢ ᠶᠢᠨ ᠬᠤᠪᠤᠷ ᠴᠤᠬᠠᠭ ᠠᠮᠢᠲᠠᠨ ᠤ ᠨᠢᠭᠡ᠂ ᠮᠠᠨ ᠤ ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠶᠢᠨ ᠠᠮᠢᠲᠠᠨ᠂ ᠤᠳᠤᠬᠠᠨ ᠳᠤ ᠪᠦᠬᠦ ᠤᠯᠤᠰ ᠲᠤ ᠲᠦᠮᠡ ᠭᠠᠷᠤᠢ ᠪᠤᠢ᠃      ᠤᠷᠳᠤ ᠰᠡᠬᠦᠯᠳᠤ ᠪᠤᠭᠤ ᠪᠡᠶ᠎ᠡ ᠶᠢᠨ ᠤᠷᠲᠤ ᠨᠢ 1.8 ᠮᠧᠳ᠋ᠷ᠂ ᠦᠨᠳᠦᠷ ᠨᠢ 1.15 ᠮᠧᠳ᠋ᠷ᠂ ᠪᠡᠶ᠎ᠡ ᠶᠢᠨ ᠬᠦᠨᠳᠤ ᠨᠢ 200 ᠺᠢᠯᠦᠭᠷᠠᠮ ᠤᠷᠴᠢᠮ᠂ ᠡᠷᠡᠭᠴᠢᠨ ᠪᠤᠭᠤ ᠨᠢᠰᠦᠷᠯᠢᠭ ᠰᠠᠶᠢᠬᠠᠨ ᠠᠴᠠ ᠡᠪᠡᠷ ᠲᠠᠢ᠂ ᠡᠮᠡᠭᠴᠢᠨ ᠳᠤᠨᠢ ᠬᠠᠷᠢᠨ ᠡᠪᠡᠷ ᠪᠠᠶᠢᠳᠠᠭ ᠦᠭᠡᠢ᠃      ᠬᠠᠮᠤᠭ ᠤᠨ ᠠᠩᠬ᠎ᠠ 200 ᠲᠦᠮᠡᠨ ᠵᠢᠯ ᠤᠨ ᠡᠮᠤᠨ᠎ᠡ ᠪᠤᠢ ᠪᠤᠯᠵᠤ᠂ ᠬᠤᠪᠢᠰᠤᠯᠲᠠ ᠶᠢᠨ ᠶᠠᠪᠤᠴᠠ ᠨᠢ ᠬᠦᠮᠦᠨ ᠲᠦᠷᠦᠯᠬᠢᠲᠡᠨ ᠲᠠᠢ ᠨᠡᠯᠢᠶᠡᠳ ᠲᠦᠰᠦᠬᠡᠳᠡᠢ᠃ ᠲᠡᠦᠬᠡᠨ ᠳᠡᠭᠡᠷ᠎ᠡ ᠮᠠᠨ ᠤ ᠤᠯᠤᠰ ᠤᠨ ᠯᠢᠶᠤᠤᠨᠢᠩ᠂ ᠬᠠᠶᠢᠨᠠᠨᠳᠤᠤ᠂ ᠵᠢᠶᠠᠩᠰᠤ᠂ ᠱᠠᠨᠰᠢ ᠵᠡᠷᠭᠡ ᠦᠷᠭᠡᠨ ᠠᠭᠤᠳᠠᠮ ᠨᠤᠲᠤᠭ ᠳᠡᠪᠢᠰᠭᠡᠷ ᠲᠤ ᠲᠠᠷᠬᠠᠵᠤ᠂ ᠭᠤᠤᠯᠳᠠᠭᠤ ᠬᠦᠬᠡᠮᠦ᠋ᠷᠡᠨ ᠤ ᠳᠤᠮᠳᠠᠳᠤ ᠳᠤᠤᠷᠠᠳᠤ ᠤᠷᠤᠰᠬᠠᠯ ᠤᠨ ᠨᠤᠭᠤ ᠭᠠᠵᠠᠷ ᠢᠶᠠᠷ ᠤᠷᠤᠰᠢᠨ᠂ ᠬᠦᠬᠡ ᠡᠪᠡᠰᠤ ᠪᠤᠶᠤ ᠤᠰᠤᠨ ᠤ ᠤᠷᠭᠤᠮᠠᠯ ᠢᠳᠡᠳᠡᠭ᠃      ᠬᠤᠵᠢᠮ ᠨᠢ ᠠᠭᠤᠷ ᠠᠮᠢᠰᠬᠤᠯ ᠤᠨ ᠬᠤᠪᠢᠷᠠᠯᠲᠠ ᠪᠠ ᠬᠦᠮᠦᠨ ᠲᠦᠷᠦᠯᠬᠢᠲᠡᠨ ᠤ ᠰᠢᠯᠲᠠᠭᠠᠨ ᠠᠴᠠ ᠪᠤᠯᠵᠤ ᠵᠡᠷᠯᠢᠭ ᠤᠷᠳᠤ ᠰᠡᠬᠦᠯᠳᠤ ᠪᠤᠭᠤ ᠬᠠᠨ ᠤᠯᠤᠰ ᠤᠨ ᠰᠡᠭᠦᠯᠴᠢ ᠪᠠᠷ ᠤᠳᠤᠮ ᠲᠠᠰᠤᠷᠠᠵᠠᠢ᠃ ᠶᠤᠸᠠᠨ ᠤᠯᠤᠰ ᠤᠨ ᠦᠶ᠎ᠡ ᠳᠤ᠂ ᠠᠩ ᠠᠩᠨᠠᠯ ᠤᠨ ᠲᠥᠯᠥᠭᠡ ᠦᠯᠡᠳᠡᠭᠰᠡᠨ ᠤᠷᠳᠤ ᠰᠡᠬᠦᠯᠳᠤ ᠪᠤᠭᠤ ᠶᠢ ᠪᠠᠷᠢᠵᠤ ᠠᠪᠤᠭᠠᠳ ᠬᠠᠭᠠᠨ ᠤ ᠣᠷᠳᠣᠨ ᠤ ᠠᠩ ᠤᠨ ᠬᠦᠷᠢᠶᠡᠯᠡᠩ ᠳᠤ ᠲᠡᠵᠢᠭᠡᠵᠤ ᠪᠠᠶᠢᠭᠰᠠᠨ ᠢᠶᠠᠨ 19 ᠳ᠋ᠤᠭᠡᠷ ᠵᠠᠭᠤᠨ ᠤ ᠦᠶ᠎ᠡ ᠪᠣᠯᠬᠤ ᠳᠤ ᠵᠥᠪᠬᠡᠨ ᠪᠡᠭᠡᠵᠢᠩ ᠤᠨ ᠨᠠᠨ ᠬᠠᠶ ᠽᠢ ᠬᠠᠭᠠᠨ ᠤ ᠣᠷᠳᠣᠨ ᠤ ᠠᠩ ᠤᠨ ᠬᠦᠷᠢᠶᠡᠯᠡᠩ ᠳᠤ ᠨᠢᠭᠡ ᠪᠦᠯᠦᠭ ᠦᠯᠡᠳᠡᠵᠡᠢ᠃ ᠨᠠᠢᠮᠠᠨ ᠤᠯᠤᠰ ᠤᠨ ᠬᠤᠯᠪᠣᠭᠠᠲᠤ ᠴᠡᠷᠢᠭ ᠲᠤ ᠤᠤᠯᠭᠠᠯᠠᠭᠳᠠᠭᠰᠠᠨ ᠠᠴᠠ ᠳᠤᠮᠳᠠᠳᠤ ᠤᠯᠤᠰ ᠲᠤ ᠲᠠᠬᠢᠭᠠᠳ ᠠᠯᠠᠭ᠎ᠠ ᠪᠤᠯᠵᠦ᠂ 1898 ᠳᠤ ᠠᠩᠭ᠍ᠯᠢ ᠳᠤ ᠬᠤᠳᠠᠯᠳᠤᠭᠳᠠᠨ ᠦᠷᠡᠵᠢᠭᠡᠳ 255 ᠪᠤᠯᠵᠦ᠂ 1983 ᠣᠨ ᠳᠤ ᠬᠡᠰᠡᠭ ᠤᠷᠳᠤ ᠰᠡᠬᠦᠯᠳᠤ ᠪᠤᠭᠤ ᠶᠢ ᠳᠤᠮᠳᠠᠳᠤ ᠤᠯᠤᠰ ᠲᠤ ᠬᠦᠷᠭᠡᠨ᠂ ᠳᠠᠷᠠᠭ᠎ᠠ ᠨᠢ ᠨᠠᠩ ᠣᠯᠠᠨ ᠤᠷᠳᠤ ᠰᠡᠬᠦᠯᠳᠤ ᠪᠤᠭᠤ ᠨᠤᠲᠤᠭ ᠲᠠᠭᠠᠨ ᠪᠤᠴᠠᠵᠤ᠂ ᠨᠢᠭᠡ ᠪᠦᠯᠦᠭ ᠨᠢ ᠡᠬᠡ ᠪᠠᠶᠢᠭᠠᠯᠢ ᠳᠠᠭᠠᠨ ᠪᠤᠴᠠᠭᠰᠠᠨ ᠪᠠᠶᠢᠨ᠎ᠠ᠃      2020 ᠤᠨ ᠤ 9 ᠰᠠᠷ᠎ᠠ ᠪᠤᠯᠲᠠᠯ᠎ᠠ᠂ ᠮᠠᠨ ᠤ ᠤᠯᠤᠰ ᠲᠤ ᠨᠢᠭᠡᠨᠲᠡ 24 ᠮᠤᠵᠢ ᠣᠷᠣᠨ ᠤᠷᠳᠤ ᠰᠡᠬᠦᠯᠳᠤ ᠪᠤᠭᠤ ᠶᠢ ᠤᠷᠤᠭᠤᠯᠤᠨ ᠠᠪᠴᠢᠷᠠᠵᠤ᠂ ᠨᠡᠶᠢᠲᠡ 81 ᠠᠷᠠᠴᠢᠯᠠᠨ ᠲᠡᠵᠢᠭᠡᠬᠦ ᠴᠡᠭ ᠪᠣᠯᠤᠨ ᠠᠷᠠᠴᠢᠯᠠᠨ ᠲᠡᠵᠢᠭᠡᠬᠦ ᠭᠠᠵᠠᠷ ᠲᠠᠢ ᠪᠣᠯᠵᠠᠶ᠃ 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ