︽ᠳ᠋ᠧᠩᠯᠦ ᠶᠢᠨ ᠤᠯᠠᠭᠠᠨ︾ ᠡᠯᠪᠡᠭ ᠬᠤᠷᠢᠶᠠᠯᠲᠠ ᠪᠠᠨ ᠭᠠᠶᠢᠬᠠᠭᠤᠯᠤᠨ᠎ᠠ
ᠨᠡᠶᠢᠲᠡᠯᠡᠭᠰᠡᠨ ᠴᠠᠭ᠄
2021/10/12
res04_attpic_brief.jpg
res01_attpic_brief.jpg
      ᠵᠢᠯ ᠪᠦᠷᠢ ᠶᠢᠨ ᠠᠯᠲᠠᠨ ᠨᠠᠮᠤᠷ ᠤᠨ ᠴᠠᠭ ᠲᠤ᠂ ᠲᠣᠭᠲᠠᠬᠤ ᠰᠢᠶᠠᠨ ᠤ ᠬᠠᠲᠤᠨ ᠭᠤᠣᠯ ᠤᠨ ᠡᠷᠭᠢ ᠭᠠᠵᠠᠷ ᠤᠨ ᠠᠶᠢᠯ ᠡᠷᠦᠬᠡ ᠪᠦᠷᠢ ᠨᠢᠭᠡ ᠨᠢᠭᠡ ᠬᠡᠯᠬᠢᠶ᠎ᠡ ᠤᠯᠠᠭᠠᠨ ᠯᠠᠵᠤᠤ ᠪᠠᠷ ᠴᠢᠮᠡᠭᠳᠡᠵᠦ᠂ ᠭᠠᠵᠠᠷ ᠪᠣᠯᠭᠠᠨ ᠳᠤ ᠡᠯᠪᠡᠭ ᠬᠤᠷᠢᠶᠠᠯᠲᠠ ᠶᠢᠨ ᠰᠢᠨᠵᠢ ᠲᠣᠳᠣᠬᠠᠨ᠃      ᠲᠣᠭᠲᠠᠬᠤ ᠰᠢᠶᠠᠨ ᠤ ᠤᠯᠠᠭᠠᠨ ᠯᠠᠵᠤᠤ ᠪᠣᠯ ᠨᠢᠭᠡ ᠵᠦᠢᠯ ᠤᠨ ᠬᠠᠳᠠᠭᠠᠭᠰᠠᠨ ᠯᠠᠵᠤᠤ ᠪᠣᠯᠤᠨ᠎ᠠ᠂ ᠬᠥᠬᠡᠬᠤᠲᠠ ᠶᠢᠨ ᠬᠥᠮᠦᠨ ᠪᠦᠬᠦᠨ ᠤ ᠮᠡᠳᠡᠳᠡᠭ ᠨᠡᠷᠡᠳᠡᠢ ᠣᠨᠴᠠ ᠭᠠᠷᠤᠯᠲᠠ ᠶᠢᠨ ᠨᠢᠭᠡ ᠪᠣᠯᠤᠨ᠎ᠠ᠂ ᠨᠡᠩ ᠴᠤ ᠤᠯᠤᠰ ᠤᠨ ᠭᠠᠵᠠᠷ ᠵᠦᠢ ᠶᠢᠨ ᠪᠡᠯᠭᠡ ᠳᠡᠮᠳᠡᠭ ᠤᠨ ᠪᠦᠲᠦᠭᠡᠭᠳᠡᠬᠦᠨ ᠪᠣᠯᠤᠨ᠎ᠠ᠂ ᠲᠡᠭᠦᠨ ᠤ ᠳᠠᠷᠢᠵᠤ ᠤᠷᠭᠤᠭᠤᠯᠤᠭᠰᠠᠨ ᠲᠡᠦᠬᠡ ᠨᠢ ᠥᠨᠢ ᠤᠳᠠᠭᠠᠨ᠂ ᠬᠡᠯᠪᠡᠷᠢ ᠳᠦᠷᠰᠦ ᠨᠢ ᠳ᠋ᠧᠩᠯᠦ ᠮᠡᠲᠦ ᠪᠣᠯᠬᠤᠷ ︽ᠳ᠋ᠧᠩᠯᠦ ᠶᠢᠨ ᠤᠯᠠᠭᠠᠨ︾ ᠭᠡᠬᠦ ᠰᠠᠶᠢᠬᠠᠨ ᠨᠡᠷ᠎ᠡ ᠲᠠᠢ ᠪᠣᠯᠵᠠᠢ᠃ ᠭᠠᠯ ᠤᠯᠠᠭᠠᠨ ᠯᠠᠵᠤᠤ ᠤᠨ ᠰᠠᠶᠢᠨ ᠢᠶᠠᠷ ᠲᠠᠷᠢᠶᠠᠴᠢᠳ ᠴᠦ ᠪᠠᠳᠠᠷᠠᠨ ᠲᠡᠭᠵᠢᠷᠡᠭᠰᠡᠨ ᠠᠮᠢᠳᠤᠷᠠᠯ ᠢ ᠡᠳ᠋ᠯᠡᠬᠦ ᠪᠣᠯᠵᠠᠢ᠃       ᠣᠶᠢᠷ᠎ᠠ ᠶᠢᠨ ᠵᠢᠯ ᠤᠳ ᠲᠤ᠂ ᠲᠣᠭᠲᠠᠬᠤ ᠰᠢᠶᠠᠨ ᠣᠷᠣᠨ ᠨᠤᠲᠤᠭ ᠤᠨ ᠢᠳᠡᠭᠡᠨ ᠤᠮᠳᠠᠭᠠᠨ ᠤ ᠣᠨᠴᠠᠯᠢᠭ ᠲᠠᠢ ᠪᠠᠨ ᠤᠶᠠᠯᠳᠤᠭᠤᠯᠤᠨ᠂ ᠲᠠᠷᠢᠶᠠᠴᠢᠳ ᠤᠨ ᠬᠤᠷᠰᠢᠶ᠎ᠠ ᠳᠤ ᠲᠦᠰᠢᠭᠯᠡᠨ ᠯᠠᠵᠤᠤ ᠶᠢᠨ ᠨᠠᠷᠠᠲᠤ ᠲᠡᠮᠳᠡᠭ ᠢ ᠪᠥᠬᠦ ᠬᠦᠴᠦᠨ ᠢᠶᠠᠷ ᠢᠶᠠᠨ ᠡᠭᠦᠳᠴᠦ᠂ ᠲᠣᠰᠣᠨ ᠳᠤ ᠪᠤᠴᠠᠯᠭᠠᠭᠰᠠᠨ ᠯᠠᠵᠤᠤ ᠂ ᠲᠥᠪᠡᠳ ᠬᠠᠰᠢ ᠶᠢᠨ ᠯᠠᠵᠤᠤ ᠶᠢᠨ ᠵᠢᠶᠠᠩ᠂ ᠯᠠᠵᠤᠤ ᠶᠢᠨ ᠲᠣᠰᠣ᠂ ᠯᠠᠵᠤᠤ ᠶᠢᠨ ᠨᠣᠨᠳᠠᠭ ᠵᠡᠷᠭᠡ ᠰᠢᠷᠢᠰ ᠪᠦᠲᠦᠭᠡᠭᠳᠡᠬᠦᠨ ᠨᠢ ᠳᠥᠷᠪᠡᠨ ᠵᠦᠭ ᠤᠨ ᠵᠣᠴᠢᠳ ᠤᠨ ᠲᠠᠭᠠᠰᠢᠶᠠᠯ ᠢ ᠣᠯᠵᠤ᠂ ᠨᠢᠭᠡᠨᠲᠡ ᠬᠥᠮᠦᠰ ᠤᠨ ᠲᠥᠷᠥᠯ ᠰᠠᠳᠤᠨ ᠨᠠᠶᠢᠵᠠ ᠨᠥᠬᠦᠳ ᠲᠠᠢ ᠪᠠᠨ ᠵᠣᠯᠭᠠᠬᠤ᠂ ᠪᠠᠶᠠᠷ ᠤᠨ ᠡᠳᠦᠷ ᠤᠨ ᠪᠡᠯᠡᠭ ᠬᠦᠷᠭᠡᠬᠦ ᠣᠬᠢ ᠪᠦᠲᠦᠭᠡᠭᠳᠡᠬᠦᠨ ᠪᠣᠯᠤᠭᠰᠠᠨ ᠪᠠᠶᠢᠨ᠎ᠠ᠃ ᠣᠳᠣᠬᠠᠨ ᠳᠤ᠂ ᠪᠥᠬᠦ ᠰᠢᠶᠠᠨ ᠤ ᠯᠠᠵᠤᠤ ᠳᠠᠷᠢᠬᠤ ᠲᠠᠯᠠᠪᠠᠶ ᠨᠢ 3120 ᠮᠥ ᠪᠠᠶᠢᠵᠤ᠂ ᠮᠥ ᠪᠦᠷᠢ ᠶᠢᠨ ᠤᠨᠠᠯᠲᠠ ᠨᠢ 4000 — 5000 ᠵᠢᠩ ᠬᠦᠷᠴᠦ᠂ ᠬᠠᠲᠠᠭᠠᠭᠰᠠᠨ ᠤ ᠳᠠᠷᠠᠭ᠎ᠠ ᠵᠢᠩ ᠪᠦᠷᠢ ᠶᠢᠨ ᠬᠤᠳᠠᠯᠳᠤᠬᠤ ᠦᠨ᠎ᠡ ᠨᠢ 20 ᠲᠥᠭᠦᠷᠢᠭ ᠲᠤ ᠬᠦᠷᠴᠦ᠂ ᠵᠢᠯ ᠤᠨ ᠦᠢᠯᠡᠳᠬᠦᠨ ᠤ ᠥᠷᠲᠡᠭ ᠨᠢ 2000 ᠭᠠᠷᠤᠶ ᠲᠦᠮᠡᠨ ᠲᠥᠭᠦᠷᠢᠭ ᠲᠤ ᠬᠦᠷᠳᠡᠭ᠃ ᠰᠤᠷᠪᠤᠯᠵᠢᠯᠠᠭᠴᠢ ᠮᠢᠶᠣᠣ ᠴᠢᠩ   ᠴᠢᠮᠡᠭᠡᠯᠡᠭᠴᠢ ᠥᠷᠭᠡᠨ ᠰᠡᠭᠦᠳᠡᠷᠯᠡᠪᠡ
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ