1 ᠰᠠᠷ᠎ᠠ ᠶᠢᠨ 1 ᠤ ᠡᠳᠦᠷ ᠤᠨ ᠣᠷᠣᠶ ᠶᠢᠨ 7᠄ 30 ᠴᠠᠭ ᠲᠤ᠂ ᠪᠡᠭᠡᠵᠢᠩ ᠤᠨ ᠤᠯᠤᠰ ᠤᠨ ᠲᠤᠮᠤ | ᠲᠢᠶᠠᠲᠷ ᠲᠤ ᠠᠯᠠᠭ᠎ᠠ ᠲᠠᠰᠢᠬᠤ ᠲᠠᠭᠤᠨ ᠨᠢᠵᠢᠭᠢᠨᠡᠵᠦ᠂ ᠰᠢᠨ᠎ᠡ ᠵᠢᠯ ᠤᠨ ᠠᠩᠬᠠᠨ ᠤ ᠡᠳᠦᠷ᠂ ᠥᠪᠥᠷ ᠮᠣᠩᠭᠤᠯ ᠤᠨ | ᠤᠷᠠᠯᠢᠭ ᠤᠨ ᠵᠦᠴᠦᠭᠡ ᠶᠢᠨ ᠬᠦᠷᠢᠶᠡᠯᠡᠩ ᠠᠴᠠ ᠵᠣᠬᠢᠶᠠᠨ ᠪᠦᠲᠦᠭᠡᠭᠰᠡᠨ ᠤᠤᠭᠠᠯ ᠪᠥᠵᠢᠭᠲᠦ ᠵᠦᠴᠦᠭᠡ ︽ᠮᠣᠷᠢᠲᠤ | ᠴᠡᠷᠢᠭ︾ ᠢ ᠲᠣᠭᠯᠠᠪᠠ᠃ ᠲᠤᠰ ᠤᠳᠠᠭ᠎ᠠ ᠶᠢᠨ ᠲᠣᠭᠯᠠᠯᠲᠠ ᠪᠣᠯ ᠮᠠᠨ ᠤ ᠣᠷᠣᠨ ᠤ ᠳᠤᠮᠳᠠᠳᠤ ᠤᠯᠤᠰ ᠤᠨ ᠡᠪ | ᠬᠠᠮᠲᠤ ᠨᠠᠮ ᠪᠠᠶᠢᠭᠤᠯᠤᠭᠳᠠᠭᠰᠠᠨ 100 ᠵᠢᠯ ᠤᠨ ᠤᠢ ᠶᠢ ᠪᠡᠯᠭᠡᠯᠡᠬᠦ ᠴᠢᠬᠤᠯᠠ ᠠᠵᠢᠯᠯᠠᠭ᠎ᠠ ᠶᠢᠨ ᠨᠢᠭᠡ ᠪᠣᠯᠤᠨ᠎ᠠ᠂ | ᠲᠣᠭᠯᠠᠯᠲᠠ ᠨᠢ 1 ᠰᠠᠷ᠎ᠠ ᠶᠢᠨ 3 ᠤ ᠡᠳᠦᠷ ᠪᠣᠯᠲᠠᠯ᠎ᠠ ᠦᠷᠭᠦᠯᠵᠢᠯᠡᠬᠦ ᠪᠣᠯᠤᠨ᠎ᠠ᠃ | ᠪᠥᠵᠢᠭᠲᠦ ᠵᠦᠴᠦᠭᠡ ︽ᠮᠣᠷᠢᠲᠤ ᠴᠡᠷᠢᠭ︾ ᠨᠢ ᠳᠤᠮᠳᠠᠳᠤ ᠤᠯᠤᠰ ᠤᠨ ᠡᠪ ᠬᠠᠮᠲᠤ ᠨᠠᠮ ᠤᠨ | ᠤᠳᠤᠷᠢᠳᠤᠯᠭ᠎ᠠ ᠳᠣᠣᠷ᠎ᠠ᠂ ᠮᠣᠩᠭᠤᠯ ᠦᠨᠳᠦᠰᠦᠲᠡᠨ ᠤ ᠵᠠᠯᠠᠭᠤ ᠴᠢᠯᠠᠭᠤ ᠦᠡᠭᠭᠡ ᠬᠡᠷᠡᠯᠲᠦ ᠮᠣᠷᠢᠲᠤ ᠴᠡᠷᠢᠭ ᠤᠨ | ᠪᠠᠶᠢᠯᠳᠤᠭᠴᠢ ᠪᠤᠯᠵᠤ ᠬᠥᠮᠦᠵᠢᠭᠳᠡᠭᠰᠡᠨ ᠥᠩᠭᠡᠷᠡᠯᠲᠡ ᠶᠢ ᠶᠠᠷᠢᠵᠤ᠂ ᠰᠡᠳᠬᠢᠯ ᠬᠥᠳᠡᠯᠭᠡᠮ᠎ᠡ ᠢᠨᠠᠬ ᠬᠠᠶᠢᠷ᠎ᠠ ᠪᠣᠯᠤᠨ | ᠡᠬᠡ ᠣᠷᠣᠨᠴᠢ ᠭᠦᠨ ᠵᠤᠵᠠᠭᠠᠨ ᠬᠠᠶᠢᠷ᠎ᠠ ᠰᠡᠳᠬᠢᠯᠭᠡ ᠶᠢ ᠢᠯᠡᠷᠡᠭᠦᠯᠪᠡ᠃ ᠲᠣᠭᠯᠠᠯᠲᠠ ᠶᠢᠨ ᠠᠬᠤᠶ ᠲᠠᠯᠠᠪᠠᠶ ᠳᠤ᠂ | ᠵᠦᠴᠦᠭᠡ ᠶᠢᠨ ᠦᠢᠯᠡ ᠶᠠᠪᠤᠳᠠᠯ ᠨᠢ ᠬᠥᠮᠦᠰ ᠤᠨ ᠠᠩᠬᠠᠷᠤᠯ ᠢ ᠲᠠᠲᠠᠵᠤ᠂ ᠡᠯ᠎ᠡ ᠦᠨᠳᠦᠰᠦᠲᠡᠨ ᠢᠶᠠᠷ | ᠪᠦᠷᠢᠯᠳᠦᠭᠰᠡᠨ ᠮᠣᠷᠢᠲᠤ ᠴᠡᠷᠢᠭ ᠤᠨ ᠡᠩᠨᠡᠭᠡ ᠶᠢᠨ ᠲᠠᠶᠢᠨ ᠤ ᠲᠠᠯᠠᠪᠤᠷ ᠲᠤ ᠴᠢᠰᠤᠳᠤ ᠪᠠᠶᠢᠯᠳᠤᠭᠠᠨ ᠬᠢᠭᠰᠡᠨ ᠨᠢ | ᠬᠥᠮᠦᠰ ᠤᠨ ᠰᠡᠳᠬᠢᠯ ᠢ ᠳᠣᠭᠳᠣᠯᠤᠭᠤᠯᠵᠤ᠂ ᠰᠦᠷ ᠵᠢᠪᠬᠤᠭᠠᠲᠠᠶ ᠪᠥᠵᠢᠭ ᠤᠨ ᠦᠵᠡᠭᠦᠯᠦᠯᠭᠡ ᠨᠢ ᠥᠪᠡᠷᠮᠢᠴᠡ | ᠣᠨᠴᠠᠯᠢᠭ ᠲᠠᠢ ᠦᠨᠳᠦᠰᠦᠲᠡᠨ ᠤ ᠲᠠᠭᠤᠤ ᠬᠥᠭᠵᠢᠮ ᠯᠦᠭᠡ ᠲᠡᠭᠦᠰ ᠰᠠᠶᠢᠬᠠᠨ ᠠᠭᠤᠰᠤᠯᠴᠠᠵᠤ᠂ ᠨᠡᠶᠢᠰᠯᠡᠯ ᠤᠨ | ᠦᠵᠡᠭᠴᠢᠳ ᠲᠤ ᠬᠠᠷᠠᠭ᠎ᠠ ᠰᠤᠨᠤᠷ ᠤᠨ ᠤᠠᠴᠠᠭᠠᠢ ᠬᠦᠷᠲᠡᠭᠡᠯ ᠣᠯᠭᠤᠵᠠᠶ᠃ | ᠶᠡᠷᠦᠩᠬᠡᠢ ᠤᠳᠤᠷᠢᠳᠤᠭᠠᠴᠢ ᠾᠧ ᠶᠠᠨ ᠮᠢᠨ᠄ ︽ᠤᠯᠤᠰ ᠤᠨ ᠲᠤᠮᠤ ᠲᠢᠶᠠᠲᠷ ᠤᠨ ᠲᠠᠶᠢᠰᠠᠨ ᠳᠤ ᠭᠠᠷᠴᠤ | ᠳᠡᠶᠢᠯᠦᠭᠰᠡᠨ ᠢ ᠪᠢᠳᠠᠨ ᠳᠤ ᠠᠪᠴᠤ ᠬᠡᠯᠡᠪᠡᠯ ᠨᠢᠭᠡ ᠵᠦᠢᠯ ᠤᠨ ᠢᠷᠠᠭᠤ ᠠᠯᠳᠠᠷ ᠪᠣᠯᠤᠨ᠎ᠠ᠂ ᠡᠨᠡ ᠤᠳᠠᠭ᠎ᠠ ᠶᠢᠨ | ᠲᠣᠭᠯᠠᠯᠲᠠ ᠨᠢ ᠮᠥᠨ ᠴᠦ ᠨᠠᠮ ᠪᠠᠶᠢᠭᠤᠯᠤᠭᠳᠠᠭᠰᠠᠨ 100 ᠵᠢᠯ ᠤᠨ ᠤᠢ ᠳᠤ ᠪᠡᠯᠡᠭ ᠬᠦᠷᠭᠡᠭᠰᠡᠨ ᠶᠠᠪᠤᠳᠠᠯ | ᠪᠣᠯᠤᠨ᠎ᠠ᠃ ᠦᠵᠡᠭᠴᠢᠳ ᠲᠤ ᠥᠪᠥᠷ ᠮᠣᠩᠭᠤᠯ ᠤᠨ ᠤᠳᠬ᠎ᠠ ᠤᠷᠠᠯᠢᠭ ᠤᠨ ᠰᠣᠳᠣᠨ ᠪᠦᠲᠦᠭᠡᠯ ᠪᠣᠯᠤᠨ ᠲᠠᠯ᠎ᠠ | ᠨᠤᠲᠤᠭ ᠤᠨ ᠬᠥᠪᠡᠭᠦᠳ ᠥᠬᠢᠳ ᠤᠨ ᠨᠠᠮ ᠢᠶᠠᠨ ᠬᠠᠶᠢᠷᠠᠯᠠᠬᠤ ᠤᠯᠤᠰ ᠢᠶᠠᠨ ᠬᠠᠶᠢᠷᠠᠯᠠᠬᠤ ᠤᠶᠤᠨ ᠰᠠᠨᠠᠭᠠᠨ ᠤ | ᠳᠦᠷᠰᠦ ᠪᠠᠶᠢᠳᠠᠯ ᠢ ᠢᠯᠡᠷᠡᠭᠦᠯᠬᠦ ᠶᠢ ᠬᠦᠰᠡᠵᠦ ᠪᠠᠶᠢᠨ᠎ᠠ︾ ᠬᠡᠪᠡ᠃ | ᠣᠶᠢᠯᠠᠭᠠᠭᠰᠠᠨ ᠢᠶᠠᠷ᠂ ᠪᠥᠵᠢᠭᠲᠦ ᠵᠦᠴᠦᠭᠡ ︽ᠮᠣᠷᠢᠲᠤ ᠴᠡᠷᠢᠭ︾ ᠪᠣᠯ ᠥᠪᠡᠷᠲᠡᠭᠡᠨ ᠵᠠᠰᠠᠬᠤ ᠣᠷᠣᠨ ᠤ | ᠴᠢᠬᠤᠯᠠ ᠶᠡᠭᠡ ᠭᠤᠤᠯ ᠰᠡᠳᠦᠪᠲᠦ ᠤᠳᠬ᠎ᠠ ᠤᠷᠠᠯᠢᠭ ᠤᠨ ᠰᠣᠳᠣᠨ ᠪᠦᠲᠦᠭᠡᠯ ᠪᠠ ︽ᠬᠤᠪᠢᠰᠬᠠᠯᠲᠤ ᠵᠠᠭᠤᠨ | ᠵᠢᠯ ᠤᠨ ᠥᠪᠥᠷ ᠮᠣᠩᠭᠤᠯ︾ ᠤᠨ ᠭᠤᠤᠯᠳᠠᠯᠭ᠎ᠠ ᠲᠠᠢ ᠵᠣᠬᠢᠶᠠᠨ ᠪᠦᠲᠦᠭᠡᠭᠰᠡᠨ ᠵᠦᠴᠦᠭᠡ ᠪᠣᠯᠤᠨ᠎ᠠ᠂ ᠬᠡᠳᠦᠨᠲᠡ | ᠳᠠᠪᠲᠠᠨ ᠪᠤᠯᠪᠠᠰᠤᠷᠠᠭᠤᠯᠬᠤ ᠪᠠᠷ ᠲᠠᠮᠵᠢᠨ ᠠᠷᠪᠠᠨ ᠬᠤᠶᠠᠳᠤᠭᠠᠷ ᠬᠤᠭᠤᠴᠠᠭᠠᠨ ᠤ ᠳᠤᠮᠳᠠᠳᠤ ᠤᠯᠤᠰ ᠤᠨ | ᠪᠥᠵᠢᠭ ᠤᠨ ︽ᠪᠠᠳᠮ᠎ᠠ ᠴᠡᠴᠡᠭ ᠤᠨ ᠱᠠᠩᠨᠠᠯ︾ ᠤᠨ ᠪᠥᠵᠢᠭᠲᠦ ᠵᠦᠴᠦᠭᠡ ᠶᠢᠨ ᠱᠠᠩᠨᠠᠯ ᠪᠠ 2020 ᠣᠨ ᠤ | ᠳᠤᠮᠳᠠᠳᠤ ᠤᠯᠤᠰ ᠤᠨ ᠬᠡᠪᠯᠡᠯ ᠤᠨ ᠡᠷᠬᠡ ᠶᠢᠨ ᠬᠠᠮᠤᠭ ᠤ ᠤᠭᠢ ᠰᠢᠯᠢᠳᠡᠭ ᠠᠭᠤᠯᠭ᠎ᠠ ᠶᠢᠨ ᠵᠣᠬᠢᠶᠠᠨ | ᠪᠦᠲᠦᠭᠡᠯᠭᠡ ᠶᠢᠨ ᠱᠠᠩᠨᠠᠯ ᠢ ᠨᠢᠭᠡ ᠯᠡ ᠳᠡᠭᠡᠷ᠎ᠡ ᠭᠥᠷᠳᠡᠭᠰᠡᠨ ᠪᠥᠭᠡᠳ 2020 ᠣᠨ ᠤ ᠪᠥᠬᠦ ᠤᠯᠤᠰ ᠤᠨ | ᠲᠠᠶᠢᠰᠠᠨ ᠤ ᠤᠷᠠᠯᠢᠭ ᠤᠨ ᠭᠤᠤᠯᠳᠠᠯᠭ᠎ᠠ ᠲᠠᠢ ᠵᠣᠬᠢᠶᠠᠨ ᠪᠦᠲᠦᠭᠡᠯᠭᠡ ᠶᠢᠨ ᠵᠦᠴᠦᠭᠡ ᠶᠢᠨ ᠭᠠᠷᠴᠠᠭ ᠲᠤ | ᠰᠣᠩᠭᠤᠭᠳᠠᠨ ᠤᠷᠤᠪᠠ᠃ ︵ ᠥᠪᠥᠷ ᠮᠣᠩᠭᠤᠯ ᠤᠨ ᠡᠳᠦᠷ ᠤᠨ ᠰᠣᠨᠢᠨ ᠤ ᠰᠤᠷᠪᠤᠯᠵᠢᠯᠠᠭᠴᠢ ᠴᠠᠶ ᠰᠧ ᠶᠦ᠋ᠧᠠᠨ︶ | http://mongol.people.com.cn/15834281.html |