︵ᠰᠤᠷᠪᠤᠯᠵᠢᠯᠠᠭᠴᠢ ᠯᠢᠦᠢ ᠬᠤᠢ ᠱᠧᠩ︶ 1 ᠳ᠋ᠦ᠋ᠭᠡᠷ ᠰᠠᠷ᠎ᠠ ᠶᠢᠨ 27 ᠤ ᠡᠳᠦᠷ᠂ ᠪᠦᠬᠦ ᠬᠤᠲᠠ ᠶᠢᠨ | ᠦᠵᠡᠯ ᠰᠠᠨᠠᠭ᠎ᠠ ᠶᠢ ᠤᠬᠠᠭᠤᠯᠬᠤ ᠠᠵᠢᠯ ᠤᠨ ᠬᠤᠷᠠᠯ ᠬᠤᠷᠠᠯᠳᠤᠵᠤ᠂ ᠬᠤᠷᠠᠯ ᠠᠴᠠ ᠪᠦᠬᠦ ᠤᠯᠤᠰ᠂ ᠪᠦᠬᠦ | ᠣᠷᠣᠨ ᠤ ᠤᠬᠠᠭᠤᠯᠬᠤ ᠬᠡᠯᠲᠡᠰ ᠤᠨ ᠳᠠᠷᠤᠭ᠎ᠠ ᠶᠢᠨ ᠬᠤᠷᠠᠯ ᠤᠨ ᠵᠣᠷᠢᠭ ᠰᠠᠨᠠᠭ᠎ᠠ ᠶᠢ ᠤᠯᠠᠮᠵᠢᠯᠠᠵᠤ᠂ ᠪᠦᠬᠦ | ᠬᠤᠲᠠ ᠶᠢᠨ ᠭᠠᠳᠠᠭᠰᠢ ᠤᠬᠠᠭᠤᠯᠬᠤ ᠠᠵᠢᠯ ᠪᠠ ᠪᠦᠬᠦ ᠬᠤᠲᠠ ᠶᠢᠨ ᠣᠶᠣᠨ ᠤ ᠪᠣᠯᠪᠠᠰᠤᠨ ᠤ ᠪᠦᠲᠦᠭᠡᠨ | ᠪᠠᠶᠢᠭᠤᠯᠤᠯᠲᠠ ᠶᠢᠨ ᠠᠵᠢᠯ ᠢ ᠪᠠᠶᠢᠷᠢᠯᠠᠭᠤᠯᠪᠠ᠃ | ᠬᠤᠲᠠ ᠶᠢᠨ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ᠂ ᠤᠬᠠᠭᠤᠯᠬᠤ ᠬᠡᠯᠲᠡᠰ ᠤᠨ ᠳᠠᠷᠤᠭ᠎ᠠ ᠵᠠᠩ | ᠶᠢᠨ ᠫᠢᠩ ᠬᠤᠷᠠᠯ ᠳᠤ ᠣᠷᠣᠯᠴᠠᠵᠤ ᠶᠠᠷᠢᠶ᠎ᠠ ᠲᠠᠯᠪᠢᠪᠠ᠃ | ᠵᠠᠩ ᠶᠢᠨ ᠫᠢᠩ ᠴᠢᠬᠤᠯᠠᠴᠢᠯᠠᠬᠤ ᠳᠠᠭᠠᠨ᠂ ᠡᠨᠡ ᠵᠢᠯ ᠤᠨ ᠦᠵᠡᠯ ᠰᠠᠨᠠᠭ᠎ᠠ ᠰᠣᠶᠣᠯ ᠢ ᠤᠬᠠᠭᠤᠯᠬᠤ ᠠᠵᠢᠯ ᠢ | ᠰᠠᠶᠢᠨ ᠬᠢᠵᠦ᠂ ᠪᠦᠬᠦ ᠬᠤᠲᠠ ᠶᠢᠨ ᠦᠵᠡᠯ ᠰᠠᠨᠠᠭ᠎ᠠ ᠰᠣᠶᠣᠯ ᠢ ᠤᠬᠠᠭᠤᠯᠬᠤ ᠹᠷᠣᠨᠲ ᠤᠨ ᠬᠢᠨ | ᠤᠬᠠᠮᠰᠠᠷ ᠠᠴᠠ ᠪᠠᠨ ᠨᠠᠮ ᠤᠨ ᠲᠥᠪ ᠬᠤᠷᠢᠶ᠎ᠠ ᠶᠢᠨ ᠴᠢᠬᠤᠯᠠ ᠪᠠᠶᠢᠷᠢᠯᠠᠭᠤᠯᠤᠯᠲᠠ᠂ ᠥᠪᠡᠷᠲᠡᠭᠡᠨ ᠵᠠᠰᠠᠬᠤ | ᠣᠷᠣᠨ ᠤ ᠨᠠᠮ ᠤᠨ ᠬᠤᠷᠢᠶ᠎ᠠ ᠪᠣᠯᠣᠨ ᠬᠤᠲᠠ ᠶᠢᠨ ᠨᠠᠮ ᠤᠨ ᠬᠤᠷᠢᠶ᠎ᠠ ᠶᠢᠨ ᠠᠵᠢᠯ ᠤᠨ ᠲᠣᠬᠢᠷᠠᠭᠤᠯᠤᠯᠲᠠ ᠲᠠᠢ | ᠬᠠᠷᠢᠴᠠᠭᠤᠯᠵᠤ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ | ᠵᠢᠷᠤᠮ ᠤᠨ ᠦᠵᠡᠯ ᠰᠠᠨᠠᠭ᠎ᠠ ᠶᠢ ᠰᠤᠷᠤᠯᠴᠠᠨ ᠰᠡᠳᠬᠢᠯ ᠵᠣᠷᠢᠭ ᠢᠶᠠᠨ ᠨᠢᠭᠡᠳᠬᠡᠬᠦ᠂ ᠳᠤᠮᠳᠠᠳᠤ ᠤᠯᠤᠰ ᠤᠨ ᠡᠪ | ᠬᠠᠮᠲᠤ ᠨᠠᠮ ᠪᠠᠶᠢᠭᠤᠯᠤᠭᠳᠠᠭᠰᠠᠨ 100 ᠵᠢᠯ ᠤᠨ ᠣᠢ ᠶᠢ ᠪᠡᠯᠭᠡᠯᠡᠬᠦ ᠶᠢ ᠰᠤᠷᠲᠠᠯᠴᠢᠯᠠᠨ ᠤᠬᠠᠭᠤᠯᠬᠤ᠂ ᠭᠤᠣᠯᠯᠠᠬᠤ | ᠦᠵᠡᠯ ᠰᠠᠨᠠᠭᠠᠨ ᠤ ᠶᠠᠷᠢᠶ᠎ᠠ ᠬᠡᠯᠡᠯᠴᠡᠭᠡ ᠶᠢ ᠪᠠᠲᠤᠳᠬᠠᠨ ᠬᠦᠴᠦᠷᠬᠡᠭᠵᠢᠭᠦᠯᠬᠦ᠂ ᠲᠥᠪ ᠬᠤᠲᠠ ᠶᠢᠨ ᠨᠡᠶᠢᠭᠡᠮ ᠤᠨ | ᠪᠣᠯᠪᠠᠰᠤᠨ ᠤ ᠬᠡᠮᠵᠢᠶ᠎ᠡ ᠶᠢ ᠳᠡᠭᠡᠭᠰᠢᠯᠡᠭᠦᠯᠬᠦ᠂ ᠰᠣᠶᠣᠯ ᠤᠨ ᠲᠥᠪ ᠬᠤᠲᠠ ᠶᠢᠨ ᠪᠠᠶᠢᠭᠤᠯᠤᠯᠲᠠ ᠶᠢ ᠠᠬᠢᠭᠤᠯᠬᠤ᠂ | ᠦᠵᠡᠯ ᠤᠬᠠᠮᠰᠠᠷ ᠤᠨ ᠬᠡᠯᠪᠡᠷᠢ ᠶᠢᠨ ᠠᠶᠤᠯᠭᠦᠢ ᠶᠢᠨ ᠬᠠᠯᠬᠠᠪᠴᠢ ᠶᠢ ᠪᠠᠬᠢᠵᠢᠭᠦᠯᠬᠦ᠂ ᠴᠢᠬᠤᠯᠠ ᠶᠡᠭᠡ ᠡᠭᠦᠷᠭᠡ | ᠬᠠᠷᠢᠭᠤᠴᠠᠯᠭ᠎ᠠ ᠪᠠᠨ ᠡᠭᠦᠷᠭᠡᠯᠡᠬᠦ ᠵᠡᠷᠭᠡ ᠳᠣᠯᠣᠭᠠᠨ ᠲᠠᠯ᠎ᠠ ᠶᠢᠨ ᠠᠵᠢᠯ ᠤᠨ ᠡᠭᠦᠷᠭᠡ ᠶᠢ ᠣᠶᠣᠨ ᠴᠢᠳᠠᠯ ᠢᠶᠠᠨ | ᠲᠥᠪᠯᠡᠷᠡᠭᠦᠯᠦᠨ ᠭᠤᠣᠯᠳᠠᠯᠭ᠎ᠠ ᠲᠠᠢ ᠠᠳᠬᠤᠬᠤ ᠬᠡᠷᠡᠭᠲᠡᠢ᠃ ᠨᠠᠮ ᠠᠴᠠ ᠤᠬᠠᠭᠤᠯᠬᠤ ᠠᠵᠢᠯ ᠢ ᠬᠠᠮᠢᠶᠠᠷᠬᠤ ᠶᠢ | ᠪᠠᠷᠢᠮᠲᠠᠯᠠᠵᠤ᠂ ᠦᠵᠡᠯ ᠰᠠᠨᠠᠭ᠎ᠠ ᠰᠣᠶᠣᠯ ᠢ ᠤᠬᠠᠭᠤᠯᠬᠤ ᠴᠢᠬᠤᠯᠠ ᠶᠡᠭᠡ ᠡᠭᠦᠷᠭᠡ ᠬᠠᠷᠢᠭᠤᠴᠠᠯᠭ᠎ᠠ ᠪᠠᠨ ᠡᠷᠡᠰ | ᠡᠭᠦᠷᠭᠡᠯᠡᠵᠦ᠂ ᠤᠭ ᠰᠠᠨᠠᠭ᠎ᠠ ᠪᠠᠨ ᠪᠠᠲᠤ ᠴᠡᠭᠡᠵᠢᠯᠡᠨ᠂ ᠡᠭᠦᠷᠭᠡ ᠬᠠᠷᠢᠭᠤᠴᠠᠯᠭ᠎ᠠ ᠪᠠᠨ ᠵᠣᠷᠢᠭᠲᠠᠢ ᠡᠭᠦᠷᠭᠡᠯᠡᠵᠦ᠂ | ᠲᠥᠪ ᠶᠣᠰᠣᠨ ᠢ ᠡᠷᠬᠢᠮᠯᠡᠨ ᠰᠢᠨ᠎ᠡ ᠶᠢ ᠡᠭᠦᠳᠴᠦ᠂ ᠦᠵᠡᠯ ᠰᠠᠨᠠᠭ᠎ᠠ ᠶᠢ ᠤᠬᠠᠭᠤᠯᠬᠤ ᠠᠵᠢᠯ ᠤᠨ ᠰᠢᠨ᠎ᠡ | ᠪᠠᠶᠢᠳᠠᠯ ᠢ ᠲᠡᠮᠡᠴᠡᠨ ᠡᠭᠦᠳᠴᠦ᠂ ᠰᠢᠯᠢᠳᠡᠭ ᠬᠢᠷᠢ ᠪᠦᠲᠦᠮᠵᠢ ᠪᠠᠷ ᠳᠤᠮᠳᠠᠳᠤ ᠤᠯᠤᠰ ᠤᠨ ᠡᠪ ᠬᠠᠮᠲᠤ ᠨᠠᠮ | ᠪᠠᠶᠢᠭᠤᠯᠤᠭᠳᠠᠭᠰᠠᠨ 100 ᠵᠢᠯ ᠤᠨ ᠣᠢ ᠶᠢ ᠤᠭᠲᠤᠨ᠂ ᠨᠡᠶᠢᠭᠡᠮ ᠵᠢᠷᠤᠮ ᠤᠨ ᠣᠳᠣᠬᠢᠴᠢᠯᠠᠭᠰᠠᠨ ︽ᠦᠵᠡᠮᠵᠢᠲᠦ | ᠰᠠᠶᠢᠬᠠᠨ ᠬᠥᠬᠡᠬᠤᠲᠠ᠂ ᠥᠨᠢᠷ ᠪᠠᠶᠠᠯᠢᠭ ᠲᠠᠯ᠎ᠠ ᠶᠢᠨ ᠬᠤᠲᠠ︾ ᠶᠢ ᠪᠠᠶᠢᠭᠤᠯᠬᠤ ᠳᠤ ᠨᠡᠩ ᠶᠡᠭᠡ ᠰᠢᠨ᠎ᠡ ᠬᠤᠪᠢ | ᠨᠡᠮᠡᠷᠢ ᠦᠵᠡᠭᠦᠯᠬᠦ ᠬᠡᠷᠡᠭᠲᠡᠢ ᠭᠡᠵᠡᠢ᠃ | ᠡᠯ᠎ᠡ ᠬᠤᠰᠢᠭᠤ ᠰᠢᠶᠠᠨ ᠲᠣᠭᠤᠷᠢᠭ ᠤᠨ ᠤᠬᠠᠭᠤᠯᠬᠤ ᠬᠡᠯᠲᠡᠰ ᠤᠨ ᠳᠠᠷᠤᠭ᠎ᠠ᠂ ᠬᠤᠲᠠ ᠶᠢᠨ ᠡᠯ᠎ᠡ ᠬᠠᠮᠢᠶ᠎ᠠ | ᠪᠦᠬᠦᠢ ᠰᠠᠯᠠᠭ᠎ᠠ ᠮᠥᠴᠢᠷ ᠤᠨ ᠬᠠᠷᠢᠭᠤᠴᠠᠯᠭᠠᠲᠠᠨ ᠨᠥᠬᠦᠳ᠂ ᠥᠪᠡᠷᠲᠡᠭᠡᠨ ᠵᠠᠰᠠᠬᠤ ᠣᠷᠣᠨ ᠤ ᠬᠥᠬᠡᠬᠤᠲᠠ ᠳᠤ | ᠰᠠᠭᠤᠭ᠎ᠠ ᠬᠠᠮᠢᠶ᠎ᠠ ᠪᠦᠬᠦᠢ ᠰᠣᠨᠢᠨ ᠮᠡᠳᠡᠭᠡᠨ ᠤ ᠨᠢᠭᠡᠴᠡ ᠶᠢᠨ ᠭᠤᠣᠯ ᠬᠠᠷᠢᠭᠤᠴᠠᠯᠭᠠᠲᠠᠨ᠂ ᠬᠤᠲᠠ ᠶᠢᠨ ᠨᠠᠮ ᠤᠨ | ᠬᠤᠷᠢᠶ᠎ᠠ ᠶᠢᠨ ᠤᠬᠠᠭᠤᠯᠬᠤ ᠬᠡᠯᠲᠡᠰ ᠤᠨ ᠤᠳᠤᠷᠢᠳᠬᠤ ᠪᠠᠭ ᠤᠨ ᠭᠡᠰᠢᠭᠦᠳ ᠬᠤᠷᠠᠯ ᠳᠤ ᠣᠷᠣᠯᠴᠠᠵᠠᠢ᠃ |