ᠮᠣᠩᠭᠤᠯ ᠲᠥᠪᠡᠳ ᠰᠤᠷᠭᠠᠭᠤᠯᠢ᠄ ᠥᠪᠥᠷ ᠮᠣᠩᠭᠤᠯ ᠤᠨ ᠬᠤᠪᠢᠰᠬᠠᠯ ᠤᠨ ᠥᠯᠥᠭᠡᠢ
ᠨᠡᠶᠢᠲᠡᠯᠡᠭᠰᠡᠨ ᠴᠠᠭ᠄
2021/1/22
ᠰᠤᠷᠪᠤᠯᠵᠢᠯᠠᠭᠴᠢ ᠵᠧᠩ ᠰᠢᠤᠸᠠᠢ ᠯᠢᠶᠠᠩ  ᠰᠢᠤᠢ ᠶᠤᠸᠠᠢ     ᠪᠡᠭᠡᠵᠢᠩ ᠤᠨ ᠰᠢ ᠳ᠋ᠠᠨ ᠤ ᠰᠢᠶᠤᠤ ᠱᠢ ᠬᠤ᠋ ᠭᠤᠳᠤᠮᠵᠢᠨ ᠳᠤ᠂ ᠬᠤᠳᠠᠯᠳᠤᠭᠠᠨ ᠤ ᠪᠠᠷᠢᠯᠭ᠎ᠠ ᠶᠢᠨ ᠠᠷᠤ ᠳᠤ ᠨᠢᠭᠤᠭᠳᠠᠵᠥ ᠪᠠᠶᠢᠭ᠎ᠠ ᠡᠷᠲᠡᠨ ᠤ ᠪᠠᠷᠢᠯᠭ᠎ᠠ ᠨᠤᠭᠤᠳ ᠪᠤᠢ᠂ ᠡᠳᠡᠬᠡᠷ ᠬᠠᠭᠤᠴᠢᠪᠳᠤᠷ ᠪᠤᠯᠤᠬᠰᠠᠨ ᠪᠠᠷᠢᠯᠭ᠎ᠠ ᠬᠠᠷᠢᠨ ᠴᠦ ᠦᠯᠢᠬᠡᠷ ᠳᠡᠥᠬᠡ ᠲᠠᠢ ᠪᠠᠶᠢᠵᠠᠢ᠂ ᠳᠡᠷᠡ ᠨᠢ ᠳᠠᠷᠤᠢ ᠪᠦᠬᠦ ᠤᠯᠤᠰ ᠤᠨ ᠴᠢᠬᠤᠯᠠ ᠳᠡᠥᠬᠡᠨ ᠳᠤᠷᠠᠰᠬᠠᠯᠳᠤ ᠵᠦᠢᠯᠡᠰ ᠤᠨ ᠬᠠᠮᠠᠭᠠᠯᠠᠯᠲᠠ ᠶᠢᠨ ᠨᠢᠬᠡᠴᠢ᠂ ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠬᠠᠷᠢᠶᠠᠳᠤ ᠳᠤᠮᠳᠠᠳᠤ ᠰᠤᠷᠭᠠᠭᠤᠯᠢ ᠶᠢᠨ ᠬᠠᠭᠤᠴᠢᠨ ᠪᠠᠭᠤᠷᠢ — ᠮᠤᠩᠭᠤᠯ ᠲᠥᠪᠡᠳ ᠰᠤᠷᠭᠠᠭᠤᠯᠢ ᠪᠣᠯᠣᠨ᠎ᠠ᠃      ᠮᠣᠩᠭᠤᠯ ᠲᠥᠪᠡᠳ ᠰᠤᠷᠭᠠᠭᠤᠯᠢ ᠪᠤᠯ 1913 ᠣᠨ ᠳᠤ ᠡᠬᠢᠯᠡᠵᠥ ᠪᠠᠶᠢᠭᠤᠯᠤᠭᠰᠠᠠ᠂ ᠲᠠᠷᠤᠢ ᠪᠡᠭᠡᠵᠢᠩ ᠳᠤ ᠡᠬᠦᠰᠬᠡᠨ ᠪᠠᠶᠢᠭᠤᠯᠤᠬᠰᠠᠨ ᠪᠦᠬᠦ ᠤᠯᠤᠰ ᠤᠨ ᠠᠩᠬᠠᠳᠠᠬᠴᠢ ᠦᠨᠳᠦᠰᠦᠲᠡᠨ ᠤ ᠰᠤᠷᠭᠠᠭᠤᠯᠢ ᠪᠠᠶᠢᠵᠥ᠂ ᠥᠪᠥᠷ ᠮᠣᠩᠭᠤᠯ ᠤᠨ ᠬᠤᠪᠢᠰᠬᠠᠯ ᠤᠨ ᠤᠴᠢ ᠠᠳᠡ ᠠᠴᠠ ᠤᠯᠠᠯᠵᠠᠨ ᠨᠤᠴᠤᠪᠠ᠃ ︽ᠵᠤᠯ ᠵᠢᠷᠭᠠᠯᠳᠠᠢ ᠣᠨ ᠵᠢᠯ᠄ ᠳᠦᠪ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠬᠠᠷᠢᠶᠠᠳᠤ ᠳᠤᠮᠳᠠᠳᠤ ᠰᠤᠷᠭᠠᠭᠤᠯᠢ ᠶᠢᠨ ᠰᠤᠷᠭᠠᠭᠤᠯᠢ ᠶᠢᠨ ᠳᠡᠥᠬᠡ︾ ᠬᠡᠬᠦ ᠨᠤᠮ ᠳᠤ ᠳᠡᠮᠳᠡᠭᠯᠡᠵᠥ ᠪᠠᠶᠢᠬᠤ ᠪᠠᠷ᠄ 1984 ᠣᠨ ᠤ 3 ᠰᠠᠷ᠎ᠠ ᠶᠢᠨ 6 ᠤ ᠡᠳᠦᠷ᠂ ᠤᠯᠠᠭᠠᠨᠬᠦᠦ ᠨᠥᠬᠦᠷ ᠳᠦᠷᠪᠡᠳᠡᠬᠢ ᠤᠳᠠᠭ᠎ᠠ ᠡᠬᠡ ᠰᠤᠷᠭᠠᠭᠤᠯᠢ ᠳᠠᠭᠠᠨ ᠬᠠᠷᠢᠵᠤ᠂ ᠳᠥᠷᠪᠡᠨ ᠵᠠᠭᠤᠨ ᠵᠢᠯ ᠤᠨ ᠬᠤᠪᠢᠷᠠᠯᠳᠠ ᠦᠩᠬᠡᠷᠡᠯᠳᠡ ᠶᠢ ᠳᠤᠭᠤᠯᠤᠬᠰᠠᠨ ᠴᠢᠪᠠᠭ᠎ᠠ ᠶᠢᠨ ᠮᠣᠳᠣᠨ ᠤ ᠡᠮᠦᠨ᠎ᠡ ᠲᠤᠬᠠᠢ ᠶᠢᠨ ᠵᠢᠯ ᠨᠠᠮ ᠳᠤ ᠣᠷᠣᠭᠰᠠᠨ ᠪᠠᠶᠢᠳᠠᠯ ᠢᠶᠠᠨ ᠡᠷᠭᠢᠴᠡᠭᠦᠯᠵᠦ᠂ ᠡᠪ ᠬᠠᠮᠳᠤ ᠶᠤᠰᠤ ᠴᠦᠬᠡᠨ ᠳᠤᠭᠠᠳᠤ ᠦᠨᠳᠦᠰᠦᠳᠡᠨ ᠤ ᠳᠤᠮᠳᠠ ᠳᠠᠮᠵᠢᠨ ᠲᠠᠷᠬᠠᠭᠠᠭᠳᠠᠭᠰᠠᠨ ᠨᠢ ᠳᠠᠷᠤᠢ ᠡᠨᠡ ᠰᠤᠷᠭᠠᠭᠤᠯᠢ ᠠᠴᠠ ᠡᠬᠢᠯᠡᠭᠰᠡᠨ ᠶᠤᠮ ᠭᠡᠵᠦ ᠬᠦᠨ ᠰᠡᠳᠬᠢᠯᠬᠡ ᠲᠠᠢ ᠪᠠᠷ ᠬᠡᠯᠡᠪᠡ᠃      ᠤᠨᠤᠭᠠᠵᠥ ᠬᠡᠯᠡᠭᠰᠡᠨ ᠡᠨᠡ ᠦᠬᠡ ᠨᠢ ᠮᠣᠩᠭᠤᠯ ᠲᠥᠪᠡᠳ ᠰᠤᠷᠭᠠᠭᠤᠯᠢ ᠶᠢᠨ ᠳᠠᠪᠰᠢᠩᠭᠤᠢ ᠵᠠᠯᠠᠭᠤᠴᠤᠳ ᠢ ᠬᠥᠮᠦᠵᠢᠭᠦᠯᠦᠨ᠂ ᠬᠤᠪᠢᠰᠬᠠᠯ ᠤᠨ ᠤᠴᠢ ᠶᠢ ᠪᠠᠳᠠᠷᠠᠭᠠᠬᠰᠠᠨ ᠴᠢᠬᠤᠯᠠ ᠪᠠᠶᠢᠷᠢ ᠰᠠᠭᠤᠷᠢ ᠶᠢ ᠭᠦᠢᠴᠡᠳ ᠬᠠᠷᠠᠭᠤᠯᠪᠡ᠃      ᠲᠦᠮᠡᠳ ᠵᠡᠭᠦᠨ ᠬᠤᠰᠢᠭᠤᠨ ᠤ ᠳᠠᠩᠰᠠ ᠡᠪᠬᠡᠮᠡᠯ ᠤᠨ ᠣᠷᠳᠣᠨ ᠳᠤ ᠪᠢᠳᠠ ᠡᠨᠡ ᠬᠦ ᠲᠡᠦᠬᠡ ᠶᠢ ᠡᠷᠢᠵᠦ ᠤᠩᠰᠢᠪᠠ᠃ ᠤᠷᠳᠤᠨ ᠤ ᠳᠠᠷᠤᠭ᠎ᠠ ᠯᠢᠦ ᠶᠠᠨ ᠪᠣᠯᠤᠨ ᠣᠷᠣᠨ ᠨᠤᠲᠤᠭ ᠤᠨ ᠣᠶᠢᠯᠠᠯᠭ᠎ᠠ ᠶᠢᠨ ᠲᠠᠰᠤᠭ ᠤᠨ ᠳᠠᠷᠤᠭ᠎ᠠ ᠵᠠᠩ ᠬᠦᠢ ᠶᠢᠩ ᠳᠤᠰ ᠳᠤᠰ ᠪᠢᠳᠡᠨ ᠳᠤ ᠥᠪᠥᠷ ᠮᠣᠩᠭᠤᠯ ᠤᠨ ᠲᠠᠪᠰᠢᠭᠰᠠᠨ ᠵᠠᠯᠠᠭᠤᠴᠤᠳ ᠬᠡᠷᠬᠢᠨ ᠮᠣᠩᠭᠤᠯ ᠲᠥᠪᠡᠳ ᠰᠤᠷᠭᠠᠭᠤᠯᠢ ᠳᠤ ᠤᠷᠤᠵᠥ ᠰᠤᠷᠤᠯᠴᠠᠭᠰᠠᠨ ᠶᠠᠪᠤᠴᠠ ᠶᠢ ᠲᠠᠨᠢᠯᠴᠠᠭᠤᠯᠤᠯ᠎ᠠ᠃      1914 ᠣᠨ ᠤ 3 ᠰᠠᠷ᠎ᠠ ᠳᠤ᠂ ᠮᠣᠩᠭᠤᠯ ᠲᠥᠪᠡᠳ ᠰᠤᠷᠭᠠᠭᠤᠯᠢ ᠪᠡᠯᠡᠳᠭᠡᠯ ᠠᠩᠭᠢ ᠶᠢᠨ ᠨᠢᠭᠡᠳᠦᠭᠡᠷ ᠠᠩᠭᠢ ᠨᠡᠬᠡᠬᠡᠵᠥ᠂ ᠡᠯ᠎ᠡ ᠠᠶᠢᠮᠠᠭ ᠬᠤᠰᠢᠭᠤᠰᠣᠩᠭᠤᠨ ᠬᠦᠷᠭᠡᠬᠦ᠂ ᠰᠤᠷᠭᠠᠭᠤᠯᠢ ᠡᠯᠰᠡᠨ ᠠᠪᠬᠤ ᠬᠡᠯᠪᠡᠷᠢ ᠪᠠᠷ ᠰᠤᠷᠤᠬᠴᠢ ᠡᠯᠰᠡᠪᠡ᠂ ᠡᠨᠡ ᠪᠣᠯ ᠮᠣᠩᠭᠤᠯ ᠲᠥᠪᠡᠳ ᠰᠤᠷᠭᠠᠭᠤᠯᠢ ᠠᠩᠬ᠎ᠠ ᠤᠳᠠᠭ᠎ᠠ ᠥᠪᠥᠷ ᠮᠣᠩᠭᠤᠯ ᠣᠷᠣᠨ ᠠᠴᠠ ᠰᠤᠷᠤᠭᠴᠢ ᠡᠯᠰᠡᠭᠰᠡᠡ ᠶᠠᠪᠤᠳᠠᠯ ᠪᠣᠯᠣᠨ᠎ᠠ᠂ ᠡᠭᠦᠨ ᠠᠴᠠ ᠬᠤᠶᠢᠰᠢ ᠥᠪᠥᠷ ᠮᠣᠩᠭᠤᠯ ᠤᠨ ᠰᠤᠷᠤᠭᠴᠢ ᠬᠤᠶᠢᠨ᠎ᠠ ᠬᠤᠶᠢᠨ᠎ᠠ ᠠᠴᠠ ᠪᠠᠨ ᠲᠤᠰ ᠰᠤᠷᠭᠠᠭᠤᠯᠢ ᠳᠤ ᠤᠷᠤᠵᠥ ᠰᠤᠷᠤᠯᠴᠠᠵᠥ᠂ ᠷᠦᠩ ᠶᠤᠤ ᠰᠢᠶᠠᠨ ᠪᠤᠯ ᠳᠠᠷᠤᠢ ᠲᠡᠳᠡᠨᠡᠷ ᠤᠨ ᠳᠣᠲᠣᠷᠠᠬᠢ ᠨᠢᠭᠡ ᠨᠢ ᠪᠠᠶᠢᠯ᠎ᠠ᠃      1923 ᠣᠨ ᠳᠤ᠂ ᠷᠦᠩ ᠶᠣᠣ ᠰᠢᠶᠠᠨ ᠮᠣᠩᠭᠤᠯ ᠲᠥᠪᠡᠳ ᠰᠤᠷᠭᠠᠭᠤᠯᠢ ᠶᠢᠨ ᠲᠤᠰᠬᠠᠢ ᠮᠡᠷᠭᠡᠵᠢᠯ ᠤᠨ ᠰᠠᠯᠠᠭᠠᠨ ᠤ ᠭᠦᠨ ᠤᠬᠠᠭᠠᠨ ᠤ ᠰᠠᠯᠪᠤᠷᠢ ᠶᠢᠨ ᠰᠤᠷᠤᠭᠴᠢ ᠪᠠᠶᠢᠵᠥ᠂ ᠮᠥᠨ ᠴᠦ ᠰᠤᠷᠭᠠᠭᠤᠯᠢ ᠶᠢᠨ ᠰᠤᠷᠤᠭᠴᠢᠳ ᠤᠨ ᠵᠦᠪᠯᠡᠯ ᠤᠨ ᠲᠡᠷᠢᠭᠦᠯᠡᠭᠴᠢ ᠪᠠᠶᠢᠵᠥ᠂ ᠤᠮᠠᠷᠠᠳᠤ ᠤᠷᠤᠨ ᠤ ᠬᠤᠷᠢᠶ᠎ᠠ ᠶᠢᠨ ᠨᠠᠶᠢᠳᠠᠯᠭ᠎ᠠ ᠪᠠᠷ ᠨᠤᠳᠤᠬ ᠲᠠᠭᠠᠨ ᠬᠠᠷᠢᠵᠦ ᠮᠤᠩᠭᠤᠯ ᠵᠠᠯᠠᠭᠤᠴᠤᠳ ᠤᠨ ᠪᠡᠬᠡᠵᠢᠩ ᠳᠤ ᠢᠷᠡᠵᠥ ᠰᠤᠷᠤᠯᠴᠠᠬᠤ ᠶᠢ ᠳᠠᠶᠢᠴᠢᠯᠠᠪᠠ᠃ ᠡᠨᠡ ᠬᠦ ᠶᠠᠪᠤᠴᠠ ᠳᠠᠭᠠᠨ ᠲᠡᠷᠡ ᠦᠯᠡᠮᠵᠢ ᠣᠯᠠᠨ ᠪᠡᠷᠬᠡᠬᠠᠲᠠᠭᠤᠵᠢᠯᠲᠠᠢ ᠠᠵᠢᠯ ᠬᠢᠵᠦ᠂ ᠰᠤᠷᠤᠭᠴᠢᠳ ᠤᠨ ᠭᠡᠷ ᠲᠤ ᠬᠦᠷᠴᠦ ᠢᠳᠬᠠᠨ ᠬᠡᠯᠡᠵᠥ᠂ ᠨᠠᠮ ᠠᠴᠠ ᠲᠡᠭᠦᠨ ᠳᠤ ᠳᠠᠭᠠᠭᠠᠯᠭᠠᠭᠰᠠᠨ ᠡᠭᠦᠷᠭᠡ ᠶᠢ ᠡᠴᠦᠰ ᠲᠡᠭᠡᠨᠪᠡᠶᠡᠯᠡᠭᠦᠯᠵᠦ ᠴᠢᠳᠠᠵᠠᠢ᠃ ᠶᠦᠨ ᠽᠧ᠂ ᠺᠦᠢ ᠪᠢ᠂ ᠵᠠᠶᠠᠭᠠᠲᠠᠢ᠂ ᠳ᠋ᠦᠸᠧ ᠰᠥᠩ ᠨᠢᠶᠠᠨ᠂ ᠯᠢ ᠢᠦᠢ ᡁᠢ ᠵᠡᠷᠭᠡ ᠮᠣᠩᠭᠤᠯ ᠦᠨᠳᠦᠰᠦᠲᠡᠨ ᠤ 41 ᠨᠡᠷᠡᠰ ᠵᠤᠷᠢᠭ ᠬᠥᠰᠡᠯ ᠲᠠᠢ ᠵᠠᠯᠠᠭᠤᠴᠤᠳ ᠢ ᠳᠠᠶᠢᠴᠢᠯᠠᠵᠤ᠂ ᠬᠤᠶᠠᠷ ᠪᠦᠯᠦᠭ ᠬᠤᠪᠢᠶᠠᠨ ᠲᠦᠮᠡᠳ ᠤᠨ ᠲᠠᠯ᠎ᠠ ᠠᠴᠠ ᠰᠠᠯᠵᠤ ᠪᠡᠭᠡᠵᠢᠩ ᠢ ᠵᠤᠷᠢᠪᠠ᠃ ᠡᠳᠡᠬᠡᠷ ᠬᠦᠰᠡᠯ ᠬᠦᠬᠡᠬᠡᠴᠡᠯᠳᠤᠯ ᠲᠠᠢ ᠮᠣᠩᠭᠤᠯ ᠦᠨᠳᠦᠰᠦᠲᠡᠨ ᠤ ᠵᠠᠯᠠᠭᠤᠴᠤᠳ ᠬᠡᠬᠦᠳᠡᠭ ᠳᠦᠭᠦᠷᠡᠩ ᠬᠠᠯᠠᠭᠤᠨ ᠰᠡᠳᠭᠢᠯᠭᠡ ᠪᠠᠷ ᠮᠣᠩᠭᠤᠯ ᠲᠥᠪᠡᠳ ᠰᠤᠷᠭᠠᠭᠤᠯᠢ ᠳᠤ ᠣᠷᠣᠵᠤ᠂ ᠤᠯᠤᠰ ᠢᠶᠠᠨ ᠠᠪᠤᠷᠠᠵᠤ ᠠᠷᠠᠳ ᠢᠶᠠᠨ ᠠᠪᠤᠷᠠᠬᠤ ᠦᠨᠡᠨ ᠶᠣᠰᠣ ᠶᠢ ᠡᠷᠢᠯᠬᠢᠯᠡᠨ᠂ ᠬᠤᠶᠢᠰᠢᠳᠠ ᠳᠠᠭᠠᠨ ᠥᠪᠥᠷ ᠮᠣᠩᠭᠤᠯ ᠣᠷᠣᠨ ᠤ ᠬᠤᠪᠢᠰᠬᠠᠯ ᠤᠨ ᠠᠵᠢᠯᠯᠠᠭ᠎ᠠ ᠥᠷᠨᠢᠭᠦᠯᠬᠦ ᠳᠤ ᠪᠠᠲᠤ ᠰᠠᠭᠤᠷᠢ ᠶᠢ ᠲᠠᠯᠪᠢᠵᠤ ᠥᠭᠴᠡᠢ᠃      ᠡᠳᠡᠭᠡᠷ ᠵᠠᠯᠠᠭᠤᠴᠤᠳ ᠰᠤᠷᠭᠠᠭᠤᠯᠢ ᠳᠤ ᠢᠷᠡᠭᠰᠡᠡ ᠤ ᠳᠠᠷᠠᠭ᠎ᠠ᠂ ᠲᠤᠰ ᠲᠤᠰ ᠳᠤᠮᠳᠠᠳᠤ ᠰᠤᠷᠭᠠᠭᠤᠯᠢ ᠶᠢᠨ ᠳᠥᠷᠪᠡᠳᠦᠭᠡᠷ ᠠᠩᠭᠢ ᠪᠠ ᠲᠠᠪᠤᠳᠤᠭᠠᠷ ᠠᠩᠭᠢ ᠳᠤ ᠰᠤᠷᠤᠯᠴᠠᠵᠠᠢ᠃ ᠲᠤᠬᠠᠢ ᠶᠢᠨ ᠦᠶ᠎ᠡ ᠳᠤ ᠲᠡᠳᠡ ᠮᠣᠩᠭᠤᠯ ᠲᠥᠪᠡᠳ ᠰᠤᠷᠭᠠᠭᠤᠯᠢ ᠶᠢᠨ ᠬᠢᠴᠢᠶᠡᠯ ᠤᠨ ᠭᠡᠷ ᠤᠨ ᠡᠮᠦᠨ᠎ᠡ ᠬᠤᠪᠣᠷ ᠨᠠᠨᠳᠢᠨ ᠬᠠᠮᠲᠤ ᠶᠢᠨ ᠰᠡᠭᠦᠳᠡᠷ ᠳᠠᠳᠠᠭᠤᠯᠤᠬᠰᠠᠨ ᠨᠢ ᠨᠢᠭᠡ ᠬᠤᠪᠢ ᠣᠯᠳᠠᠬᠤᠶ᠎ᠠ ᠪᠡᠷᠬᠡ ᠲᠡᠦᠬᠡ ᠶᠢᠨ ᠮᠠᠲ᠋ᠧᠷᠢᠶᠠᠯ ᠪᠣᠯᠵᠤ ᠦᠯᠡᠳᠡᠵᠡᠢ᠃ ᠲᠡᠳᠡ ᠵᠠᠷᠢᠮ ᠳᠠᠭᠠᠨ ᠪᠡᠭᠡᠵᠢᠩ ᠶᠡᠭᠡ ᠰᠤᠷᠭᠠᠭᠤᠯᠢ ᠳᠤ ᠬᠦᠷᠴᠦ ᠶᠠᠷᠢᠶ᠎ᠠ ᠢᠯᠡᠳᠭᠡᠯ ᠰᠣᠨᠣᠰᠴᠤ᠂ ᠵᠠᠷᠢᠮ ᠳᠠᠭᠠᠨ ᠬᠠᠮᠲᠤ ᠪᠠᠷ ᠮᠠᠷᠭᠤᠯᠳᠤᠬᠤ ᠬᠤᠷᠠᠯ ᠳᠤ ᠤᠷᠤᠯᠴᠠᠵᠥ᠂ ᠬᠠᠨ᠎ᠠ ᠶᠢᠨ ᠰᠣᠨᠢᠨ ᠦᠵᠡᠵᠥ᠂ ᠮᠠᠷᠺᠰ ᠤᠨ ᠦᠵᠡᠯ ᠤᠨ ᠲᠠᠨᠢᠯᠲᠠ ᠶᠢᠨ ᠬᠢᠷᠢ ᠬᠡᠮᠵᠢᠶ᠎ᠡ ᠪᠠᠨ ᠤᠯᠠᠮ ᠨᠢᠭᠡ ᠠᠯᠬᠤᠮ ᠳᠡᠭᠡᠭᠰᠢᠯᠡᠭᠦᠯᠦᠭᠰᠡᠨ ᠪᠠᠶᠢᠨ᠎ᠠ᠃      ᠮᠣᠩᠭᠤᠯ ᠲᠥᠪᠡᠳ ᠰᠤᠷᠭᠠᠭᠤᠯᠢ ᠶᠢᠨ ᠵᠠᠯᠠᠭᠤ ᠰᠤᠷᠤᠭᠴᠢᠳ ᠰᠤᠷᠤᠯᠴᠠᠯᠭ᠎ᠠ ᠳᠠᠭᠠᠨ ᠢᠳᠡᠪᠬᠢ᠂ ᠤᠯᠤᠰ ᠤᠨ ᠶᠡᠭᠡ ᠶᠠᠪᠤᠳᠠᠯ ᠳᠤ ᠰᠡᠳᠭᠢᠯ ᠲᠠᠯᠪᠢᠵᠤ ᠂ ᠦᠨᠳᠦᠰᠦᠲᠡᠨ ᠤ ᠠᠰᠠᠭᠤᠳᠠᠯ ᠢ ᠬᠠᠯᠠᠮᠵᠢᠯᠠᠳᠠᠭ ᠪᠤᠯᠬᠤᠷ᠂ 1923 ᠣᠨ ᠤ ᠳᠠᠷᠠᠭ᠎ᠠ᠂ ᠯᠢ ᠳ᠋ᠠ ᠵᠣᠣ᠂ ᠳ᠋ᠧᠩ ᠵᠦᠩ ᠰᠢᠶᠠ᠂ ᠵᠣᠣ ᠱᠢ ᠶᠠᠨ ᠵᠡᠷᠭᠡ ᠠᠷᠪᠠ ᠭᠠᠷᠤᠢ ᠡᠪ ᠬᠠᠮᠲᠤ ᠨᠠᠮ ᠤᠨ ᠭᠡᠰᠢᠭᠦᠨ ᠤᠷᠢᠳ ᠬᠤᠵᠢᠳ ᠮᠣᠩᠭᠤᠯ ᠲᠥᠪᠡᠳ ᠰᠤᠷᠭᠠᠭᠤᠯᠢ ᠳᠤ ᠢᠷᠡᠵᠦ᠂ ᠨᠣᠮ ᠤᠩᠰᠢᠬᠤ ᠬᠤᠷᠠᠯ᠂ ᠶᠠᠷᠢᠯᠴᠠᠬᠤ ᠬᠤᠷᠠᠯ ᠬᠢᠬᠦ᠂ ᠰᠡᠳᠭᠢᠯ ᠢᠶᠠᠨ ᠶᠠᠷᠢᠯᠴᠠᠬᠤ ᠬᠡᠯᠪᠡᠷᠢ ᠪᠠᠷ ᠵᠠᠯᠠᠭᠤ ᠰᠤᠷᠤᠭᠴᠢᠳ ᠢ ᠵᠣᠬᠢᠶᠠᠨ ᠪᠠᠶᠢᠭᠤᠯᠵᠤ ᠮᠠᠷᠺᠰ ᠤᠨ ᠣᠨᠣᠯ ᠢ ᠰᠤᠷᠤᠯᠴᠠᠭᠤᠯᠪᠠ᠃      ᠪᠠᠶᠢᠷᠢ ᠶᠢᠨ ᠭᠡᠷ᠂ ᠶᠣᠰᠣᠯᠠᠯ ᠤᠨ ᠲᠠᠩᠬᠢᠮ᠂ ᠴᠢᠪᠠᠭ᠎ᠠ ᠶᠢᠨ ᠮᠣᠳᠣᠨ ᠤ ᠳᠣᠣᠷ᠎ᠠ ᠪᠦᠷ ᠯᠢ ᠳ᠋ᠠ ᠵᠣᠣ ᠪᠣᠯᠤᠨ ᠰᠤᠷᠤᠭᠴᠢᠳ ᠤᠨ ᠪᠠᠷ᠎ᠠ ᠬᠠᠷᠠᠭᠳᠠᠵᠤ ᠪᠠᠶᠢᠯ᠎ᠠ᠃ ᠵᠠᠯᠠᠭᠤᠴᠤᠳ ᠮᠠᠷᠺᠰ ᠯᠧᠨᠢᠨ ᠤ ᠵᠣᠬᠢᠶᠠᠯ ᠤᠨ ᠬᠢᠳᠠᠳ ᠬᠡᠯᠡᠨ ᠤ ᠣᠷᠴᠢᠭᠤᠯᠭ᠎ᠠ ᠶᠢᠨ ᠳᠡᠪᠳᠡᠷ ᠢ ᠤᠩᠰᠢᠬᠤ ᠶᠢᠨ ᠳᠠᠭᠠᠤ ᠪᠠᠰᠠ ︽ᠰᠢᠨ᠎ᠡ ᠵᠠᠯᠠᠭᠤᠴᠤᠳ︾ ︽ᠵᠠᠮᠴᠢ︾ ︽ᠤᠯᠤᠰ ᠲᠥᠷᠥ ᠶᠢᠨ ᠠᠮᠢᠳᠤᠷᠠᠯ︾ ᠵᠡᠷᠭᠡ ᠰᠡᠳᠭᠦᠯ ᠢ ᠤᠩᠰᠢᠳᠠᠭ ᠪᠠᠶᠢᠪᠠ᠂ ᠯᠢ ᠳ᠋ᠠ ᠵᠣᠣ ᠲᠠᠨᠢᠯᠴᠠᠭᠤᠯᠤᠨ ᠳᠠᠶᠢᠯᠪᠤᠷᠢᠯᠠᠬᠤ ᠶᠢᠨ ᠳᠠᠭᠠᠤ ᠬᠠᠮᠳᠤ ᠰᠤᠷᠤᠭᠴᠢ ᠶᠢᠨ ᠦᠬᠡ ᠬᠡᠯᠡᠬᠦ ᠶᠢ ᠰᠣᠨᠣᠰᠴᠤ᠂ ᠰᠤᠷᠤᠬᠰᠠᠨ ᠣᠨᠣᠯ ᠪᠣᠯᠤᠨ ᠦᠨᠳᠦᠰᠦᠲᠡᠨ ᠤ ᠬᠤᠪᠢᠰᠬᠠᠯ ᠤᠨ ᠠᠰᠠᠭᠤᠳᠠᠯ ᠢ ᠤᠶᠠᠯᠳᠤᠭᠤᠯᠵᠤ ᠪᠠᠶᠢᠭᠠᠳ ᠲᠠᠨᠢᠯᠲᠠ ᠣᠢᠢᠯᠠᠭᠠᠯᠲᠠ ᠪᠠᠨ ᠶᠠᠷᠢᠵᠥ᠂ ᠠᠭᠤᠷ ᠠᠮᠢᠰᠬᠤᠯ ᠨᠢ ᠲᠤᠶᠢᠯ ᠤᠨ ᠡᠶ᠎ᠡ ᠨᠠᠶᠢᠷᠠᠭ ᠲᠠᠢ ᠪᠠᠶᠢᠯ᠎ᠠ᠃      ᠯᠢ ᠳ᠋ᠠ ᠵᠤᠤ ᠡᠳᠡᠭᠡᠷ ᠮᠤᠩᠭᠤᠯ ᠵᠠᠯᠠᠭᠤᠴᠤᠳ ᠲᠤ᠄ ︽ᠲᠤᠮᠳᠠᠳᠤ ᠶᠢᠨ ᠦᠨᠳᠦᠰᠦᠳᠡᠨ ᠬᠦᠭᠵᠢᠨ ᠮᠠᠨᠳᠤᠵᠤ᠂ ᠮᠣᠩᠭᠤᠯ ᠦᠨᠳᠦᠰᠦᠲᠡᠨ ᠴᠢᠯᠦᠭᠡᠯᠡᠯᠲᠡ ᠪᠠᠨ ᠣᠯᠣᠶ᠎ᠠ ᠭᠡᠪᠡᠯ ᠢᠯᠵᠠᠷᠠᠨ ᠳᠣᠷᠣᠶᠢᠲᠠᠭᠰᠠᠨ ᠤᠮᠠᠷᠠᠲᠤ ᠶᠢᠨ ᠴᠡᠷᠢᠭ ᠤᠨ ᠡᠷᠭᠡᠳᠡᠨ ᠤ ᠵᠠᠰᠠᠭ ᠤᠨ ᠣᠷᠳᠣᠨ ᠢ ᠴᠤᠭᠢᠨ ᠤᠨᠠᠭᠠᠵᠤ᠂ ᠡᠵᠡᠷᠭᠡᠭ ᠲᠦᠷᠢᠮᠡᠭᠡᠢ ᠦᠵᠡᠯ ᠤᠨ ᠲᠦᠷᠢᠮᠡᠬᠡᠶᠢᠯᠡᠯ ᠢ ᠬᠤᠷᠢᠬᠯᠠᠬᠤ ᠭᠡᠷᠡᠭᠳᠡᠢ᠃ ᠲᠡᠮᠡᠴᠡᠯ ᠬᠢᠬᠦ ᠳᠤ ᠡᠷᠬᠡᠪᠰᠢ ᠨᠢᠭᠡ ᠬᠤᠪᠢᠰᠬᠠᠯᠳᠤ ᠲᠦᠷᠦ ᠶᠢᠨ ᠨᠠᠮ ᠢᠶᠠᠷ ᠤᠳᠤᠷᠢᠳᠤᠭᠤᠯᠬᠤ ᠭᠡᠷᠡᠭᠳᠡᠢ᠂ ᠤᠳᠤᠬᠠᠨ ᠳᠤ ᠪᠦᠬᠦᠤᠯᠤᠰ ᠤᠨ ᠡᠯ᠎ᠡ ᠭᠠᠵᠠᠷ ᠲᠤ ᠪᠦᠷ ᠲᠤᠮᠳᠠᠳᠤ ᠤᠯᠤᠰ ᠤᠨ ᠡᠪ ᠬᠠᠮᠳᠤ ᠨᠠᠮ ᠠᠷᠠᠳ ᠲᠦᠮᠡᠨ ᠢ ᠤᠳᠤᠷᠢᠳᠤᠨ ᠬᠤᠪᠢᠰᠬᠠᠯ ᠬᠢᠵᠤ ᠪᠤᠢ᠂ ᠭᠠᠭᠴᠠ ᠦᠪᠦᠷ ᠮᠤᠩᠭᠤᠯ ᠳᠤ ᠬᠠᠷᠠᠬᠠᠨ ᠡᠪ ᠬᠠᠮᠳᠤ ᠨᠠᠮ ᠤᠨ ᠵᠤᠭᠢᠶᠠᠨ ᠪᠠᠶᠢᠭᠤᠯᠤᠯᠳᠠ ᠦᠭᠡᠢ ᠪᠠᠶᠢᠭᠰᠠᠭᠠᠷ᠃ ᠲᠠᠨᠠᠷ ᠰᠢᠭ᠋ ᠮᠤᠩᠭᠤᠯ ᠵᠠᠯᠠᠭᠤᠴᠤᠳ ᠮᠠᠷᠺᠰ ᠤᠨ ᠦᠵᠡᠯ  ᠤᠨ ᠣᠨᠣᠯ ᠢ ᠰᠤᠷᠤᠯᠴᠠᠵᠤ᠂ ᠲᠠᠭᠢᠨ ᠪᠤᠳᠠᠳᠤ ᠲᠡᠮᠡᠴᠠᠯ ᠳᠤ ᠤᠷᠤᠯᠴᠠᠨ ᠲᠠᠪᠳᠠᠭᠳᠠᠨ ᠪᠤᠯᠪᠠᠰᠤᠷᠠᠭᠠᠳ ᠢᠷᠡᠭᠡᠳᠦᠢ ᠳᠤ ᠨᠤᠳᠤᠭ ᠤᠷᠤᠨ ᠳᠠᠭᠠᠨ ᠭᠦᠷᠴᠦ ᠦᠨᠳᠦᠰᠦᠲᠡᠨ ᠤ ᠲᠡᠮᠡᠴᠡᠯ ᠢ ᠤᠳᠤᠷᠢᠳᠴᠦ ᠪᠣᠯᠣᠨ᠎ᠠ︾ ᠭᠡᠵᠡᠢ᠃ ᠲᠡᠭᠦᠨ ᠤ ᠦᠭᠡ ᠵᠠᠯᠠᠭᠤᠴᠤᠳ ᠤᠨ ᠵᠢᠷᠦᠭᠡ ᠰᠡᠳᠭᠢᠯ ᠳᠤ ᠬᠤᠪᠢᠰᠬᠠᠯ ᠤᠨ ᠦᠷ᠎ᠡ ᠶᠢ ᠲᠠᠷᠢᠵᠤ᠂ ᠦᠨᠳᠦᠰᠦᠯᠡᠨ ᠨᠠᠬᠢᠶᠠᠯᠠᠵᠤ᠂ ᠲᠡᠭᠷᠢ ᠪᠠᠭᠠᠨᠠᠳᠠᠭᠰᠠᠨ ᠰᠠᠭᠯᠠᠭᠠᠷ ᠮᠤᠳᠤ ᠪᠣᠯᠣᠨ ᠤᠷᠭᠤᠬᠤ ᠪᠠᠷ ᠴᠠᠭ ᠢᠮᠠᠭᠲᠠ ᠪᠡᠯᠡᠬᠡᠨ ᠪᠣᠯᠪᠠ᠃      ᠡᠨᠡ ᠭᠡᠰᠡᠭ ᠲᠡᠦᠭᠡ ᠶᠢᠨ ᠦᠯᠢᠭᠡᠷ ᠤᠨ ᠲᠤᠬᠠᠢ ᠪᠢᠳᠡ 85 ᠨᠠᠰᠤᠳᠠᠢ ᠢᠦᠢ ᠶᠦᠩ ᠹᠠ ᠨᠠᠰᠤᠲᠠᠨ ᠢ ᠰᠤᠷᠪᠤᠯᠵᠢᠯᠠᠵᠠᠢ᠃ ᠲᠡᠷᠡ ︽ᠲᠦᠮᠡᠳ ᠤᠨ ᠣᠶᠢᠯᠠᠯᠭ᠎ᠠ︾  ᠶᠢᠨ ᠲᠡᠭᠡᠳᠦ ᠪᠣᠳᠢ ᠶᠢᠨ ᠲᠤᠭᠤᠢᠢᠯᠠᠩ ᠤᠨ ᠳᠠᠷᠤᠭ᠎ᠠ ᠶᠢᠨ ᠲᠤᠰᠢᠶᠠᠯ ᠢ ᠬᠠᠷᠢᠭᠤᠴᠠᠵᠤ ᠥᠩᠭᠡᠷᠡᠭᠰᠡᠨ ᠪᠣᠯᠬᠤᠷ ᠪᠢᠳᠠᠨ ᠳᠤ ᠮᠣᠩᠭᠤᠯ ᠲᠥᠪᠡᠳ ᠰᠤᠷᠭᠠᠭᠤᠯᠢ ᠶᠢᠨ ᠮᠣᠩᠭᠤᠯ ᠵᠠᠯᠠᠭᠤᠴᠤᠳ ᠤᠨ ᠰᠤᠷᠭᠠᠭᠤᠯᠢ ᠳᠤ ᠰᠠᠭᠤᠭᠰᠠᠨ ᠦᠯᠢᠭᠡᠷ ᠢ ᠤᠯᠠᠨ ᠤᠯᠠᠨ ᠶᠠᠷᠢᠵᠤ ᠦᠭᠭᠦ ᠶᠢᠨ ᠲᠠᠭᠠᠦ ᠪᠠᠰᠠ ︽ᠵᠠᠯᠠᠭᠤᠴᠤᠳ ᠮᠣᠩᠭᠤᠯ ᠲᠥᠪᠡᠳ ᠰᠤᠷᠭᠠᠭᠤᠯᠢ ᠠᠴᠠ ᠬᠤᠪᠢᠰᠬᠠᠯ ᠤᠨ ᠴᠤᠭ ᠢ ᠠᠪᠴᠢᠷᠠᠭᠠᠳ᠂ ᠲᠦᠮᠡᠳ ᠤᠨ ᠠᠷᠠᠳ ᠲᠦᠮᠡᠨ ᠤ ᠰᠡᠳᠭᠢᠯ ᠳᠤ ᠰᠠᠴᠤᠭᠰᠠᠨ ᠶᠤᠮ︾ ᠭᠡᠵᠤ ᠪᠢᠳᠡᠨ ᠳᠤ ᠪᠠᠳᠤᠳᠠᠢ ᠶᠠᠷᠢᠬᠤ ᠪᠠᠷ ᠨᠢᠳᠤ ᠨᠢ ᠡᠷᠭᠡ ᠦᠭᠡᠢ ᠭᠡᠷᠡᠯᠲᠦᠵᠦ ᠪᠠᠶᠢᠯ᠎ᠠ᠃      ᠮᠤᠩᠭᠤᠯ ᠲᠦᠪᠡᠳ ᠰᠤᠷᠭᠠᠭᠤᠯᠢ ᠶᠢᠨ ᠲᠤᠬᠠᠢ ᠲᠡᠦᠭᠡᠨ ᠲᠤ ᠲᠡᠮᠳᠡᠭᠯᠡᠭᠳᠡᠭᠰᠡᠨ ᠪᠠᠰᠠ ᠨᠢᠭᠡᠨ ᠤᠴᠢᠷ ᠭᠡᠪᠡᠯ — ᠲᠤᠮᠳᠠᠳᠤ ᠤᠯᠤᠰ ᠤᠨ ᠡᠪ ᠬᠠᠮᠳᠤ ᠨᠠᠮ ᠤᠨ ᠠᠩᠬᠠᠳᠠᠭᠴᠢ ᠴᠦᠭᠡᠨ ᠲᠤᠭᠠᠳᠤ ᠦᠨᠳᠦᠰᠦᠳᠡᠨ ᠤ ᠨᠠᠮ ᠤᠨ ᠡᠭᠦᠷ ᠠᠳᠡ ᠪᠠᠶᠢᠭᠤᠯᠤᠭᠳᠠᠵᠠᠢ᠃ ᠠᠩᠬ᠎ᠠ ᠰᠤᠷᠭᠠᠭᠤᠯᠢ ᠳᠤ ᠰᠠᠭᠤᠭᠰᠠᠨ ᠡᠪᠦᠯ ᠠᠴᠠ ᠰᠤᠷᠤᠭᠴᠢᠳᠵᠠᠯᠭᠠᠭ᠎ᠠ ᠪᠠᠷ ᠲᠤᠮᠳᠠᠳᠤ ᠤᠯᠤᠰ ᠤᠨ ᠨᠠᠶᠢᠭᠡᠮ ᠵᠢᠷᠦᠮᠳᠤ ᠵᠠᠯᠠᠭᠤᠴᠤᠳ ᠤᠨ ᠡᠪᠯᠡᠯ ᠳᠤ ᠤᠷᠤᠵᠤ᠂ ᠡᠭᠦᠨ ᠠᠴᠠ ᠳᠠᠷᠠᠭ᠎ᠠ 1924 ᠣᠨ ᠠᠴᠠ ᠡᠬᠢᠯᠡᠨ ᠵᠠᠯᠭᠠᠭ᠎ᠠ ᠪᠠᠷ ᠨᠠᠮ ᠳᠤ ᠤᠷᠤᠭᠠᠳ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠰᠢᠯᠢᠳᠡᠭ ᠭᠡᠰᠢᠭᠦᠳ ᠪᠤᠯᠵᠠᠢ᠃      ᠡᠭᠦᠨᠴᠡ ᠮᠤᠩᠭᠤᠯ ᠲᠦᠪᠡᠳ ᠰᠤᠷᠭᠠᠭᠤᠯᠢ ᠨᠠᠮ ᠤᠨ ᠴᠦᠭᠡᠨ ᠲᠤᠭᠠᠳᠤ ᠦᠨᠳᠦᠰᠦᠳᠡᠨ ᠤ ᠲᠤᠮᠳᠠ ᠬᠤᠪᠢᠰᠬᠠᠯᠳᠤ ᠠᠵᠢᠯᠯᠠᠭ᠎ᠠ ᠦᠷᠨᠢᠭᠦᠯᠭᠦ ᠴᠢᠬᠤᠯᠠ ᠭᠠᠵᠠᠷ ᠪᠤᠯᠵᠤ᠂ ᠡᠭᠦᠨ ᠠᠴᠠ ᠬᠤᠶᠢᠰᠢᠬᠢ ᠤᠯᠠᠨ ᠤᠳᠠᠭᠠᠨ ᠤ ᠬᠤᠪᠢᠰᠬᠠᠯᠳᠤ ᠲᠡᠮᠡᠴᠡᠯ ᠤᠨ ᠲᠤᠮᠳᠠ ᠴᠢᠬᠤᠯᠠ ᠦᠢᠯᠡᠳᠦᠯ ᠪᠠᠳᠠᠷᠠᠭᠤᠯᠤᠨ᠂ ᠡᠳᠡᠭᠡᠷ ᠬᠤᠪᠢᠰᠬᠠᠯ ᠤᠨ ᠨᠦᠭᠦᠳᠨᠠᠮ ᠤᠨ ᠤᠳᠤᠷᠢᠳᠤᠯᠭ᠎ᠠ ᠳᠣᠣᠷ᠎ᠠ᠂ ᠡᠷᠡᠰ ᠪᠠᠳᠤ ᠬᠤᠪᠢᠰᠬᠠᠯ ᠤᠨ ᠢᠳᠡᠭᠡᠯ ᠵᠤᠷᠢᠭ᠂ ᠭᠤᠶᠢᠪᠢᠰᠢ ᠦᠭᠡᠢ ᠲᠡᠮᠡᠴᠡᠯ ᠤᠨ ᠵᠣᠷᠢᠭ ᠰᠠᠨᠠᠭ᠎ᠠ ᠪᠠᠷ ᠲᠤᠮᠳᠠᠳᠤ ᠤᠯᠤᠰ ᠤᠨ ᠠᠷᠠᠳ ᠤᠨ ᠴᠢᠯᠦᠭᠡᠯᠡᠬᠦ ᠦᠢᠯᠡᠰ ᠲᠤ ᠪᠠᠯᠠᠷᠠᠰᠢ ᠦᠭᠡᠢ ᠭᠠᠪᠢᠶ᠎ᠠ ᠵᠢᠳᠬᠦᠯ ᠦᠵᠡᠭᠦᠯᠵᠡᠢ᠃ ᠬᠤᠪᠢᠰᠬᠠᠯ ᠤᠨ ᠠᠵᠢᠯᠯᠠᠭ᠎ᠠ ᠦᠵᠡᠯ ᠰᠠᠨᠠᠭᠠᠨ ᠤ ᠤᠳᠤᠷᠢᠳᠤᠯᠭ᠎ᠠ ᠠᠴᠠ ᠰᠠᠯᠵᠤ ᠪᠤᠯᠤᠰᠢ ᠦᠭᠡᠢ᠂ 1925 ᠣᠨ ᠤ ᠡᠭᠢᠨ ᠢᠶᠠᠷ᠂ ᠮᠤᠩᠭᠤᠯ ᠲᠦᠪᠡᠳ ᠰᠤᠷᠭᠠᠭᠤᠯᠢ ᠳᠤ ᠮᠤᠩᠭᠤᠯ ᠵᠠᠯᠠᠭᠤᠴᠤᠳ ᠤᠨ ᠡᠷᠬᠢᠯᠡᠭᠰᠡᠨ ᠬᠤᠪᠢᠰᠬᠠᠯᠲᠤ ᠰᠡᠳᠭᠦᠯ ︽ᠮᠤᠩᠭᠤᠯ ᠲᠠᠷᠢᠶᠠᠴᠢᠨ︾ ᠮᠡᠨᠳᠦᠯᠡᠭᠰᠡᠨ ᠪᠠᠶᠢᠨ᠎ᠠ᠃       ᠡᠷᠢᠨ ᠬᠠᠶᠢᠬᠤ ᠠᠶᠠᠨ ᠦᠷᠭᠦᠯᠵᠢᠯᠡᠭᠰᠡᠭᠡᠷ᠂ ᠪᠢᠳᠠ ᠤᠯᠠᠭᠠᠨᠬᠦᠦ ᠶᠢᠨ ᠬᠠᠭᠤᠴᠢᠨ ᠰᠠᠭᠤᠴᠠ ᠠᠴᠠ ︽ᠮᠤᠩᠭᠤᠯ ᠲᠠᠷᠢᠶᠠᠴᠢᠨ︾ ᠤ ᠠᠩᠬᠠᠳᠤᠭᠠᠷ ᠬᠤᠭᠤᠴᠠᠭᠠᠨ ᠤ ᠲᠠᠭᠤᠷᠢᠶᠠᠯ ᠲᠡᠪᠳᠡᠷ ᠢ ᠤᠯᠵᠤ ᠦᠵᠡᠪᠠ᠃ ︽ᠡᠨᠡ ᠪᠤᠯ ᠮᠠᠨ ᠤ ᠤᠯᠤᠰ ᠤᠨ ᠤᠳᠤ ᠦᠶ᠎ᠡ ᠶᠢᠨ ᠬᠤᠪᠢᠰᠬᠠᠯ ᠤᠨ ᠲᠡᠦᠭᠡᠨ ᠳᠠᠬᠢ ᠠᠩᠬᠠᠳᠠᠭᠴᠢ ᠦᠨᠳᠦᠰᠦᠳᠡᠨ ᠤ ᠬᠤᠪᠢᠰᠬᠠᠯᠳᠤ ᠰᠡᠳᠭᠦᠯ ᠮᠦᠨ᠂ ᠲᠤᠬᠠᠢ ᠶᠢᠨ ᠦᠶ᠎ᠡ ᠶᠢᠨ ᠮᠤᠩᠭᠤᠯ ᠦᠨᠳᠦᠰᠦᠳᠡᠨ ᠤ ᠤᠯᠠᠨ ᠲᠦᠮᠡᠨ ᠤ ᠤᠯᠤᠰ ᠢᠶᠠᠨ ᠬᠠᠶᠢᠷᠠᠯᠠᠬᠤ ᠰᠡᠳᠬᠢᠯ ᠢ ᠤᠷᠠᠶᠢᠯᠡᠨ ᠰᠡᠷᠭᠦᠭᠡᠭᠦ ᠳᠤ ᠮᠠᠰᠢ ᠴᠢᠬᠤᠯᠠ ᠦᠢᠯᠡᠳᠦᠯ ᠦᠵᠡᠭᠦᠯᠦᠭᠰᠡᠨ ᠶᠤᠮ︾ ᠭᠡᠵᠤ ᠤᠯᠠᠭᠠᠨᠭᠦᠦ ᠶᠢᠨ ᠬᠠᠭᠤᠴᠢᠨ ᠰᠠᠭᠤᠴᠠ ᠶᠢᠨ ᠬᠠᠷᠢᠭᠤᠴᠠᠯᠭᠠᠲᠠᠨ ᠸᠠᠩ ᠬᠤᠤ ᠵᠢᠶᠦ᠋ᠨ ᠪᠢᠳᠠᠨ ᠳᠤ ᠶᠠᠷᠢᠯ᠎ᠠ᠃      ᠲᠤᠰ ᠰᠡᠳᠭᠦᠯ ᠪᠤᠯ ᠮᠤᠩᠭᠤᠯ ᠦᠨᠳᠦᠰᠦᠳᠡᠨ ᠤ ᠵᠠᠯᠠᠭᠤᠴᠤᠳ ᠤᠨ ᠲᠤᠰᠢᠶᠠᠭᠰᠠᠨ ᠰᠤᠷᠭᠠᠭᠤᠯᠢ ᠲᠡᠭᠦᠰᠭᠦ ᠰᠢᠯᠭᠠᠯᠳᠠ ᠶᠢᠨ ᠬᠠᠭᠤᠳᠠᠰᠤ ᠪᠠᠶᠢᠵᠤ᠂ ᠲᠡᠭᠦᠨ ᠠᠴᠠ ᠬᠤᠶᠢᠰᠢ ᠰᠤᠷᠤᠭᠴᠢᠳ ᠲᠦᠷᠪᠡᠨ ᠵᠦᠭ ᠨᠠᠢᠮᠠᠨ ᠵᠤᠪᠭᠢᠰ ᠲᠤ ᠪᠤᠲᠠᠷᠠᠨ ᠣᠳᠴᠤ᠂ ᠲᠤᠰ ᠲᠤᠰ ᠤᠨ ᠬᠤᠪᠢᠰᠬᠠᠯ ᠤᠨ ᠰᠢᠨ᠎ᠡ ᠠᠶᠠᠨ ᠢᠶᠠᠨ ᠡᠬᠢᠯᠡᠭᠦᠯᠵᠡᠢ᠃ ᠲᠡᠦᠬᠡ ᠶᠢᠨ ᠲᠡᠮᠳᠡᠭᠯᠡᠯ ᠢ ᠦᠨᠳᠦᠰᠦᠯᠡᠪᠠᠯ᠂ ᠡᠳᠡᠭᠡᠷ ᠮᠤᠩᠭᠤᠯ ᠰᠤᠷᠤᠭᠴᠢᠳ ᠴᠠᠭ ᠤᠨ ᠪᠠᠶᠢᠳᠠᠯ ᠤᠨ ᠰᠢᠬᠠᠯᠳᠠ ᠠᠴᠠ ᠪᠤᠯᠵᠤ 1925 ᠣᠨ ᠳᠤ ᠮᠤᠩᠭᠤᠯ ᠲᠦᠪᠡᠳ  ᠰᠤᠷᠭᠠᠭᠤᠯᠢ ᠠᠴᠠ ᠰᠠᠯᠵᠤ᠂ ᠤᠯᠠᠭᠠᠨᠭᠦᠦ᠂ ᠳ᠋ᠥᠸᠧ ᠰᠦᠩ ᠨᠢᠶᠠᠨ ᠵᠡᠷᠭᠡ ᠭᠦᠮᠦᠰ ᠮᠣᠰᠺᠸᠠ ᠶᠢᠨ ᠵᠦᠩᠱᠠᠨ ᠶᠡᠭᠡ ᠰᠤᠷᠭᠠᠭᠤᠯᠢ ᠳᠤ᠂ ᠵᠢᠷᠭᠠᠯ ᠵᠡᠷᠭᠡ ᠭᠦᠮᠦᠰ ᠭᠤᠸᠠᠩᠵᠸᠦ ᠶᠢᠨ ᠲᠠᠷᠢᠶᠠᠴᠢᠨ ᠤ ᠭᠦᠳᠡᠯᠭᠡᠭᠡᠨ ᠤ ᠵᠢᠭᠠᠨ ᠰᠤᠷᠬᠤ ᠭᠠᠵᠠᠷ ᠲᠤ᠂ ᠷᠦᠩ ᠶᠤᠤ ᠰᠢᠶᠠᠨ ᠵᠡᠷᠭᠡ ᠭᠦᠮᠦᠰ ᠬᠤᠸᠠᠩ ᠫᠦ᠋ ᠶᠢᠨ ᠬᠠᠭᠤᠷᠠᠢ ᠵᠠᠮ ᠤᠨ ᠴᠡᠷᠢᠭ ᠤᠨ ᠰᠤᠷᠭᠠᠭᠤᠯᠢ ᠳᠤ ᠲᠤᠰ ᠲᠤᠰ ᠭᠦᠷᠴᠦ ᠰᠤᠷᠤᠯᠴᠠᠭᠠᠳ᠂ ᠯᠢ ᠢᠦᠢ ᡁᠢ᠂ ᠵᠠᠶᠠᠭᠠᠳᠠᠢ ᠵᠡᠷᠭᠡ ᠬᠥᠮᠥᠰ ᠥᠪᠥᠷ ᠮᠣᠩᠭᠤᠯ ᠳᠠᠭᠠᠨ ᠪᠤᠴᠠᠨ ᠢᠷᠡᠵᠦ ᠬᠤᠪᠢᠰᠬᠠᠯ ᠤᠨ ᠲᠡᠮᠡᠴᠡᠯ ᠢ ᠤᠳᠤᠷᠢᠳᠤᠭᠰᠠᠨ ᠪᠠᠶᠢᠨ᠎ᠠ ᠁      ᠦᠨᠦᠳᠦᠷ ᠤᠨ ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠬᠠᠷᠢᠶᠠᠳᠤ ᠲᠤᠮᠳᠠᠳᠤ ᠰᠤᠷᠭᠠᠭᠤᠯᠢ ᠪᠠᠰᠠ ᠤᠤᠯ ᠤᠨ ᠮᠤᠩᠭᠤᠯ ᠲᠦᠪᠡᠳ ᠰᠤᠷᠭᠠᠭᠤᠯᠢ ᠶᠢᠨ ᠰᠤᠷᠭᠠᠭᠤᠯᠢ ᠡᠷᠭᠢᠯᠡᠬᠦ ᠣᠶᠢᠯᠠᠭᠠᠭᠳᠠᠬᠤᠨ ᠢ ᠦᠷᠭᠦᠯᠵᠢᠯᠡᠨ ᠬᠡᠷᠡᠭᠵᠢᠭᠦᠯᠦᠭᠰᠡᠭᠡᠷ᠂ ᠵᠢᠯ ᠪᠣᠯᠭᠠᠨ ᠡᠬᠡ ᠤᠯᠤᠰ ᠤᠨ ᠡᠯ᠎ᠡ ᠭᠠᠵᠠᠷ ᠠᠴᠠ ᠡᠯ᠎ᠡ ᠦᠨᠳᠦᠰᠦᠳᠡᠨ ᠤ ᠰᠤᠷᠤᠭᠴᠢᠳ ᠠᠳᠡ ᠢᠷᠠᠵᠤ ᠰᠤᠷᠤᠯᠴᠠᠳᠠᠭ ᠤᠨ ᠴᠦᠭᠡᠨ ᠪᠤᠰᠤ ᠨᠢ ᠦᠪᠦᠷ ᠮᠤᠩᠭᠤᠯ ᠠᠴᠠ ᠢᠷᠡᠭᠰᠡᠨ ᠪᠠᠶᠢᠳᠠᠭ᠃ ᠬᠦᠭᠡᠬᠤᠳᠠ ᠳᠤ ᠰᠠᠭᠤᠳᠠᠭ᠂ ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠬᠠᠷᠢᠶᠠᠳᠤ ᠲᠤᠮᠳᠠᠳᠤ ᠰᠤᠷᠭᠠᠭᠤᠯᠢ ᠳᠤ ᠰᠤᠷᠤᠯᠴᠠᠵᠤ ᠦᠡᠭᠭᠡᠷᠡᠭᠰᠡᠨ ᠬᠠᠨ ᠰᠢᠶᠤᠤ ᠵᠸᠦ ᠠᠩᠬ᠎ᠠ ᠰᠤᠷᠭᠠᠭᠤᠯᠢ ᠳᠤ ᠤᠴᠢᠭᠰᠠᠨ ᠪᠠᠶᠢᠳᠠᠯ ᠢᠶᠠᠨ ᠮᠠᠷᠲᠠᠵᠤ ᠴᠢᠳᠠᠬᠤ ᠦᠭᠡᠢ᠄ ︽ᠪᠢ ᠠᠩᠬ᠎ᠠ ᠰᠤᠷᠭᠠᠭᠤᠯᠢ ᠶᠢᠨ ᠲᠡᠦᠬᠡ ᠶᠢᠨ ᠤᠷᠳᠤᠨ ᠳᠤ ᠤᠷᠤᠭᠠᠳ ᠤᠯᠠᠭᠠᠨᠭᠦᠦ ᠨᠥᠬᠦᠷ ᠤᠨ ᠭᠠᠤᠯᠢᠨ ᠬᠦᠷᠦᠭ ᠢ ᠤᠯᠵᠤ ᠬᠠᠷᠠᠵᠠᠢ᠃ ᠮᠤᠩᠭᠤᠯ ᠵᠠᠯᠠᠭᠤ ᠪᠤᠯᠤᠭᠰᠠᠨ ᠤ ᠬᠤᠪᠢ ᠳᠤ ᠪᠢ ᠨᠡᠭᠡᠷᠡᠨ ᠤᠮᠤᠭᠰᠢᠭᠰᠠᠨ᠃ ᠭᠠᠶᠢᠬᠠᠮᠰᠢᠭᠳᠤ ᠣᠨ ᠰᠠᠷ᠎ᠠ ᠨᠤᠭᠤᠳ ᠲᠤ᠂ ᠬᠤᠪᠢᠰᠬᠠᠯ ᠤᠨ ᠤᠷᠢᠳᠤᠰ ᠵᠠᠯᠠᠭᠤ ᠨᠠᠰᠤ ᠪᠤᠯᠤᠨ ᠬᠠᠯᠠᠭᠤᠨ ᠴᠢᠰᠤ ᠪᠠᠷ ᠢᠶᠠᠨ ᠨᠤᠭᠤᠷᠠᠰᠢ ᠦᠭᠡᠢ ᠲᠡᠮᠡᠴᠡᠯ ᠶᠠᠪᠤᠭᠤᠯᠵᠤ ᠪᠠᠶᠢᠭᠰᠠᠨ ᠨᠢ ᠬᠡᠴᠢᠨᠡᠨ ᠪᠢᠰᠢᠷᠡᠯᠲᠡᠢ ᠪᠢᠯᠡ︾ ᠭᠡᠵᠦ ᠶᠠᠷᠢᠨ᠎ᠠ᠃      ᠢᠳᠡᠭᠡᠯ ᠪᠢᠰᠢᠷᠡᠯ ᠲᠠᠢ ᠬᠥᠮᠥᠨ ᠯᠠᠪ ᠵᠤᠯ ᠵᠢᠷᠭᠠᠯ ᠲᠠᠢ᠃ ᠮᠤᠩᠭᠤᠯ ᠲᠦᠪᠡᠳ ᠰᠤᠷᠭᠠᠭᠤᠯᠢ ᠳᠤ ᠮᠤᠩᠭᠤᠯ ᠵᠠᠯᠠᠭᠤᠴᠤᠳ ᠥᠪᠡᠷ ᠤᠨ ᠢᠶᠠᠨ ᠢᠳᠡᠭᠡᠯ ᠪᠢᠰᠢᠷᠠᠯ ᠢᠶᠠᠨ ᠤᠯᠵᠤ᠂ ᠡᠷᠡᠰ ᠭᠤᠶᠢᠪᠢᠰᠢ ᠦᠭᠡᠢ ᠪᠠᠷ ᠲᠤᠮᠳᠠᠳᠤ ᠤᠯᠤᠰ ᠤᠨ ᠡᠪ ᠬᠠᠮᠳᠤ ᠨᠠᠮ ᠢ ᠲᠠᠭᠠᠵᠤ᠂ ᠥᠪᠥᠷ ᠮᠣᠩᠭᠤᠯ ᠤᠨ ᠬᠤᠪᠢᠰᠬᠠᠯ ᠤᠨ ᠰᠢᠨ᠎ᠡ ᠠᠶᠠᠨ ᠢᠶᠠᠨ ᠡᠬᠢᠯᠡᠭᠦᠯᠵᠡᠢ᠃
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ