︽ᠬᠥᠬᠡᠬᠤᠲᠠ ᠶᠢᠨ ᠭᠠᠵᠠᠷ ᠤᠨ ᠨᠡᠷᠡᠰ ᠤᠨ ᠲᠡᠮᠳᠡᠭᠯᠡᠯ︾ ᠢ ᠬᠡᠪᠯᠡᠨ ᠲᠠᠷᠬᠠᠭᠠᠪᠠ
ᠨᠡᠶᠢᠲᠡᠯᠡᠭᠰᠡᠨ ᠴᠠᠭ᠄
2021/1/19
     ︵ᠰᠤᠷᠪᠤᠯᠵᠢᠯᠠᠭᠴᠢ ᠸᠠᠩ ᠵᠦᠩ ᠵᠸᠦ︶ ᠨᠠᠶᠢᠷᠠᠭᠤᠯᠤᠭᠴᠢᠳ ᠪᠠ ᠪᠦᠬᠦ ᠬᠤᠲᠠ ᠶᠢᠨ ᠭᠠᠵᠠᠷ ᠤᠨ ᠨᠡᠷᠡᠰ ᠤᠨ ᠠᠵᠢᠯᠲᠠᠳ ᠤᠨ ᠬᠤᠶᠠᠷ ᠵᠢᠯ ᠭᠠᠷᠤᠢ ᠶᠢᠨ ᠬᠠᠮᠲᠤ ᠶᠢᠨ ᠴᠢᠷᠮᠠᠶᠢᠯᠭ᠎ᠠ ᠪᠠᠷ ᠳᠠᠮᠵᠢᠨ᠂ ︽ᠬᠥᠬᠡᠬᠤᠲᠠ ᠶᠢᠨ ᠭᠠᠵᠠᠷ ᠤᠨ ᠨᠡᠷᠡᠰ ᠤᠨ ᠲᠡᠮᠳᠡᠭᠯᠡᠯ︾ ᠢ ᠣᠷᠴᠢᠮᠬᠠᠨ ᠬᠡᠪᠯᠡᠨ ᠲᠠᠷᠬᠠᠭᠠᠪᠠ᠃       ᠣᠶᠢᠯᠠᠭᠠᠭᠰᠠᠨ ᠢᠶᠠᠷ᠂ ᠡᠨᠡ ᠤᠳᠠᠭ᠎ᠠ ᠶᠢᠨ ᠬᠡᠪᠯᠡᠭᠰᠡᠨ ︽ᠬᠥᠬᠡᠬᠤᠲᠠ ᠶᠢᠨ  ᠭᠠᠵᠠᠷ ᠤᠨ ᠨᠡᠷᠡᠰ ᠤᠨ ᠲᠡᠮᠳᠡᠭᠯᠡᠯ︾ ᠳᠤ ᠨᠡᠶᠢᠲᠡ 5373 ᠭᠠᠵᠠᠷ ᠤᠨ ᠨᠡᠷᠡᠰ ᠢ ᠣᠷᠣᠭᠤᠯᠤᠨ᠂ 28 ᠭᠠᠵᠠᠷ ᠤᠨ ᠵᠢᠷᠤᠭ᠂ 45 ᠭᠡᠷᠡᠯ ᠵᠢᠷᠤᠭ ᠬᠠᠪᠰᠤᠷᠭᠠᠵᠤ᠂ ᠪᠦᠬᠦ ᠲᠠᠯ᠎ᠠ ᠶᠢᠨ᠂ ᠰᠢᠰᠲ᠋ᠧᠮ ᠲᠠᠢ᠂ ᠨᠠᠷᠢᠨ ᠪᠣᠳᠠᠲᠠᠢ ᠮᠠᠲ᠋ᠧᠷᠢᠶᠠᠯ ᠢᠶᠠᠷ ᠭᠠᠵᠠᠷ ᠤᠨ ᠨᠡᠷ᠎ᠡ ᠶᠢᠨ ᠢᠷᠡᠯ᠂ ᠬᠥᠭᠵᠢᠯᠲᠡ ᠬᠤᠪᠢᠷᠠᠯᠲᠠ ᠪᠠ ᠪᠣᠳᠠᠲᠠᠢ ᠪᠠᠶᠢᠳᠠᠯ ᠢ ᠪᠤᠰᠤᠳᠴᠢ ᠦᠨᠡᠨ ᠪᠣᠳᠠᠲᠠᠢ ᠲᠡᠮᠳᠡᠭᠯᠡᠵᠡᠢ᠃ ᠡᠭᠦᠨ ᠤ ᠬᠠᠮᠲᠤ ᠭᠠᠵᠠᠷ ᠤᠨ ᠨᠡᠷ᠎ᠡ ᠶᠢᠨ ᠰᠤᠶᠤᠯ ᠤᠨ ᠠᠭᠤᠯᠬᠤᠨ ᠢ ᠭᠦᠢᠴᠡᠳ ᠠᠭᠤᠳᠠᠯᠵᠤ᠂ ᠭᠠᠵᠠᠷ ᠣᠷᠣᠨ ᠤ ᠣᠨᠴᠠᠯᠢᠭ ᠪᠠ ᠦᠨᠳᠦᠰᠦᠲᠡᠨ ᠤ ᠣᠨᠴᠠᠯᠢᠭ ᠢ ᠳᠣᠪᠣᠶᠢᠯᠭᠠᠨ᠂ ᠬᠥᠬᠡᠬᠤᠲᠠ ᠶᠢᠨ ᠰᠢᠯᠢᠳᠡᠭ ᠭᠠᠵᠠᠷ ᠤᠨ ᠨᠡᠷ᠎ᠡ ᠶᠢᠨ ᠰᠣᠶᠣᠯ ᠤᠨ ᠥᠪ ᠢ ᠤᠯᠠᠮᠵᠢᠯᠠᠵᠤ ᠬᠠᠮᠠᠭᠠᠯᠠᠵᠠᠢ᠃      ︽ᠬᠥᠬᠡᠬᠤᠲᠠ ᠶᠢᠨ ᠭᠠᠵᠠᠷ ᠤᠨ ᠨᠡᠷᠡᠰ ᠤᠨ ᠲᠡᠮᠳᠡᠭᠯᠡᠯ︾ ᠤᠨ ᠬᠡᠪᠯᠡᠭᠳᠡᠭᠰᠡᠨ ᠨᠢ᠂ ᠭᠠᠵᠠᠷ ᠤᠨ ᠨᠡᠷ᠎ᠡ ᠶᠢᠨ ᠬᠠᠮᠢᠶᠠᠷᠤᠯᠲᠠ ᠶᠢ ᠵᠢᠷᠤᠮᠵᠢᠭᠤᠯᠬᠤ᠂ ᠭᠠᠵᠠᠷ ᠤᠨ ᠨᠡᠷ᠎ᠡ ᠶᠢᠨ ᠣᠯᠠᠨ ᠨᠡᠶᠢᠲᠡ ᠶᠢᠨ ᠦᠢᠯᠡᠴᠢᠯᠡᠭᠡ ᠶᠢ ᠴᠢᠩᠭᠠᠳᠬᠠᠬᠤ᠂ ᠭᠠᠵᠠᠷ ᠤᠨ ᠨᠡᠷ᠎ᠡ ᠶᠢᠨ ᠰᠣᠶᠣᠯ ᠤᠨ ᠪᠦᠲᠦᠭᠡᠨ ᠪᠠᠶᠢᠭᠤᠯᠤᠯᠲᠠ ᠶᠢ ᠭᠦᠨᠵᠡᠭᠡᠶᠢᠷᠡᠭᠦᠯᠬᠦ᠂ ᠭᠠᠳᠠᠭᠠᠳᠤ ᠲᠠᠢ ᠬᠠᠷᠢᠯᠴᠠᠬᠤ ᠶᠢ ᠠᠬᠢᠭᠤᠯᠬᠤ᠂ ᠠᠵᠤ ᠠᠬᠤᠢ ᠨᠡᠶᠢᠭᠡᠮ ᠤᠨ ᠬᠥᠭᠵᠢᠯᠲᠡ ᠶᠢ ᠠᠬᠢᠭᠤᠯᠬᠤ ᠳᠤ ᠴᠥᠮ ᠲᠤᠶᠢᠯ ᠤᠨ ᠴᠢᠬᠤᠯᠠ ᠠᠴᠢ ᠬᠤᠯᠪᠣᠭᠳᠠᠯ ᠲᠠᠢ ᠶᠤᠮ᠃
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ