ᠡᠨᠡ ᠵᠢᠯ ᠠᠴᠠ ᠨᠠᠭᠠᠰᠢ᠂ ᠬᠦᠬᠡᠬᠤᠲᠠ ᠶᠢᠨ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ᠂ ᠬᠢᠨᠠᠨ | ᠪᠠᠶᠢᠴᠠᠭᠠᠬᠤ ᠵᠦᠪᠯᠡᠯ ᠤᠨ ᠬᠢᠨ ︽ᠰᠤᠷᠲᠠᠯ ᠢᠶᠠᠨ ᠰᠠᠶᠢᠵᠢᠷᠠᠭᠤᠯᠵᠤ ᠠᠵᠢᠯ ᠤᠨ ᠦᠷ᠎ᠡ ᠪᠦᠲᠦᠮᠵᠢ ᠪᠠᠨ | ᠲᠡᠭᠡᠭᠰᠢᠯᠡᠬᠦᠯᠬᠦ ᠤᠨ︾ ᠤ ᠠᠵᠢᠯᠯᠠᠭ᠎ᠠ ᠪᠠᠷ ᠠᠨᠢᠰᠤ ᠪᠤᠯᠭᠠᠨ᠂ ᠬᠢᠨᠠᠯᠲᠠ ᠲᠠᠯᠪᠢᠬᠤ ᠨᠢ ᠬᠢᠨᠠᠯᠲᠠ ᠪᠠᠨ | ᠴᠢᠩᠭᠠᠳᠬᠠᠬᠤ᠂ ᠪᠠᠶᠢᠴᠠᠭᠠᠬᠤ ᠨᠢ ᠪᠠᠶᠢᠴᠠᠭᠠᠯᠲᠠ ᠪᠠᠨ ᠴᠢᠩᠭᠠᠳᠬᠠᠬᠤ ᠲᠤᠰᠢᠶᠠᠯ ᠴᠢᠲᠠᠮᠵᠢ ᠶᠢᠨ ᠤᠷᠤᠨ ᠪᠠᠶᠢᠷᠢ | ᠳᠠᠭᠠᠨ ᠵᠤᠬᠰᠤᠵᠤ᠂ ᠬᠤᠲᠠᠯᠳᠤᠭ᠎ᠠ ᠡᠷᠬᠢᠯᠡᠬᠦ ᠤᠷᠴᠢᠨ ᠠᠬᠤᠢ ᠶᠢᠨ ᠲᠤᠰᠬᠠᠢ ᠵᠦᠢᠯ ᠤᠨ ᠵᠠᠰᠠᠯᠲᠠ ᠶᠢᠨ | ᠲᠤᠭᠤᠷᠢᠨ ᠳᠤ ᠭᠤᠤᠯ ᠴᠤᠭᠴᠠ ᠶᠢᠨ ᠬᠠᠷᠢᠭᠤᠴᠠᠯᠭ᠎ᠠ ᠪᠠᠨ ᠶᠠᠪ ᠴᠠᠪ ᠨᠠᠶᠢᠲᠠᠪᠤᠷᠢᠵᠢᠭᠤᠯᠤᠨ᠂ ᠠᠵᠤ ᠠᠬᠤᠶᠢᠯᠠᠯ | ᠳᠤ ᠬᠠᠮᠢᠶ᠎ᠠ ᠲᠠᠢ ᠴᠤᠩᠬᠤᠪᠴᠢ ᠶᠢᠨ ᠦᠢᠯᠡᠴᠢᠯᠡᠭᠡ ᠠᠨᠠᠢ ᠪᠠᠶᠢᠬᠤ᠂ ᠦᠢᠯᠡᠴᠢᠯᠡᠭᠡ ᠶᠢᠨ ᠠᠮᠠᠯᠠᠯᠲᠠ ᠰᠠᠶᠢᠨ | ᠨᠠᠶᠢᠲᠠᠪᠤᠷᠢᠵᠢᠭᠠ ᠦᠭᠡᠢ᠂ ᠤᠯᠠᠨ ᠲᠦᠮᠡᠨ ᠢ ︽ᠤᠯᠠᠨᠲᠠ ᠬᠦᠶᠦᠯᠭᠡᠬᠦ᠂ ᠤᠯᠠᠨ ᠭᠠᠵᠠᠷ ᠲᠤ ᠬᠦᠶᠦᠯᠭᠡᠬᠦ︾᠂ | ᠰᠦᠯᠵᠢᠶᠡᠨ ᠲᠡᠭᠡᠷᠡᠬᠢ ᠵᠠᠰᠠᠭ ᠤᠨ ᠶᠠᠪᠤᠲᠠᠯ ᠤᠨ ᠦᠢᠯᠡᠴᠢᠯᠡᠭᠡᠨ ᠤ ᠦᠢᠯᠡᠲᠦᠯ ᠢᠶᠠᠨ ᠭᠦᠢᠴᠡᠳ ᠪᠠᠲᠠᠷᠠᠭᠤᠯᠤᠭᠠ | ᠦᠭᠡᠢ᠂ ᠠᠰᠢᠬᠯᠠᠯᠲᠠ ᠶᠢᠨ ᠨᠤᠷᠮ᠎ᠠ ᠦᠨᠲᠦᠷ ᠪᠤᠰᠤ ᠵᠡᠷᠭᠡ ᠶᠠᠷᠰᠢᠬᠲᠠᠢ ᠪᠡᠷᠬᠡᠲᠡᠢ ᠵᠦᠢᠯ᠂ ᠬᠦᠴᠢᠷᠲᠡᠢ ᠵᠦᠢᠯ᠂ | ᠲᠦᠭᠵᠢᠷᠡᠯ ᠲᠠᠢ ᠠᠰᠠᠭᠤᠲᠠᠯ ᠳᠤ ᠭᠤᠤᠯᠲᠠᠭᠤᠯᠤᠨ ᠴᠢᠭᠯᠡᠬᠦᠯᠵᠦ᠂ ᠪᠤᠲᠠᠲᠠᠢ ᠴᠢᠩᠭ᠎ᠠ ᠠᠷᠭ᠎ᠠ ᠠᠪᠴᠤ᠂ | ᠬᠤᠲᠠᠯᠳᠤᠭ᠎ᠠ ᠡᠷᠬᠢᠯᠡᠬᠦ ᠤᠷᠴᠢᠨ ᠠᠬᠤᠢ ᠶᠢ ᠰᠢᠯᠢᠲᠡᠭᠵᠢᠬᠦᠯᠬᠦ ᠳᠤ ᠠᠰᠢᠭ ᠦᠭᠡᠢ 26 ᠵᠦᠢᠯ ᠤᠨ ᠨᠠᠵᠠᠭᠠᠶ | ᠲᠠᠯ᠎ᠠ ᠶᠢᠨ ᠠᠰᠠᠭᠤᠲᠠᠯ ᠢ ᠵᠢᠬᠰᠠᠭᠠᠨ ᠭᠠᠷᠭᠠᠵᠤ᠂ ᠡᠯ᠎ᠡ ᠨᠢᠭᠡᠴᠡ ᠢᠯᠠᠩᠭᠤᠶ᠎ᠠ ᠠᠵᠤ ᠠᠬᠤᠶᠢᠯᠠᠯ ᠤᠨ | ᠦᠢᠯᠡᠴᠢᠯᠡᠭᠡᠨ ᠳᠤ ᠬᠠᠮᠢᠶ᠎ᠠ ᠲᠠᠢ ᠰᠠᠯᠠᠭ᠎ᠠ ᠮᠦᠴᠢᠷ ᠢ ᠬᠢᠨᠠᠨ ᠱᠠᠭᠠᠷᠲᠠᠵᠤ ᠪᠠᠶᠢᠭᠠᠳ ᠠᠷᠢᠭᠤᠨ ᠴᠢᠭᠡᠴᠢ ᠶᠢᠨ | ᠲᠠᠯ᠎ᠠ ᠪᠠᠷ ᠬᠢ ᠲᠦᠭᠰᠢᠬᠦᠷᠢ ᠶᠢ ᠬᠦᠨᠵᠡᠭᠡᠶᠢᠷᠡᠨ ᠪᠠᠶᠢᠴᠭᠠᠯᠭᠠᠵᠤ᠂ ︽ᠤᠷᠤ ᠲᠤᠤᠷ᠎ᠠ ᠪᠠᠨ ᠬᠦᠢᠴᠡᠳᠬᠡᠬᠦ ︾ | ᠤᠴᠢᠷ ᠶᠠᠪᠤᠲᠠᠯ ᠢ 962 ᠵᠤᠷᠪᠤᠰ ᠵᠢᠬᠰᠠᠭᠠᠨ ᠭᠠᠷᠭᠠᠵᠤ᠂ ᠤᠯᠠᠨ ᠲᠦᠮᠡᠨ ᠤ ᠲᠡᠷᠭᠡᠲᠡ ᠤᠷᠤᠰᠢᠵᠤ ᠪᠠᠶᠢᠬᠤ | ᠢᠯᠵᠡᠷᠡᠯ ᠪᠠ ᠰᠤᠷᠲᠠᠯ ᠤᠨ ᠠᠰᠠᠭᠤᠲᠠᠯ ᠢ ᠲᠠᠭᠠᠭᠠᠮᠠᠭᠠᠢ ᠵᠠᠰᠠᠨ ᠴᠡᠭᠴᠡᠯᠡᠵᠦ᠂ ᠡᠭᠡᠯᠢ ᠲᠤᠲᠤᠨᠤᠰᠤᠭ ᠠᠷᠢᠭᠤᠨ | ᠴᠡᠪᠡᠷ ᠵᠠᠰᠠᠭ ᠬᠢᠭᠡᠳ ᠬᠤᠲᠠᠯᠳᠤᠭ᠎ᠠ ᠶᠢᠨ ᠬᠠᠷᠢᠴᠠᠭ᠎ᠠ ᠶᠢ ᠪᠠᠶᠢᠭᠤᠯᠬᠤ ᠶᠠᠪᠤᠲᠠᠯ ᠢ ᠬᠦᠴᠦᠲᠠᠢ ᠠᠳᠬᠤᠵᠠᠢ᠃ | ᠬᠤᠲᠠᠯᠳᠤᠭ᠎ᠠ ᠡᠷᠬᠢᠯᠡᠬᠦ ᠤᠷᠴᠢᠨ ᠠᠬᠤᠢ ᠶᠢ ᠰᠢᠯᠢᠲᠡᠭᠵᠢᠬᠦᠯᠬᠦ ᠠᠵᠢᠯ ᠤᠨ ᠲᠤᠬᠠᠢ ᠨᠠᠮ ᠤᠨ ᠲᠦᠪ | ᠬᠤᠷᠢᠶ᠎ᠠ᠂ ᠦᠪᠣᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠪᠠ ᠬᠦᠬᠡᠬᠤᠲᠠ ᠶᠢᠨ ᠨᠠᠮ | ᠤᠨ ᠬᠤᠷᠢᠶ᠎ᠠ ᠶᠢᠨ ᠪᠠᠶᠢᠷᠢᠯᠠᠭᠤᠯᠤᠯᠲᠠ ᠶᠢᠨ ᠱᠠᠭᠠᠷᠲᠠᠯᠭ᠎ᠠ ᠪᠠᠷ᠂ ᠬᠦᠬᠡᠬᠤᠲᠠ ᠶᠢᠨ ᠡᠯ᠎ᠡ ᠭᠠᠵᠠᠷ ᠤᠨ ᠰᠠᠬᠢᠯᠭ᠎ᠠ | ᠪᠠᠳᠤ ᠪᠠᠶᠢᠴᠠᠭᠠᠬᠤ ᠬᠤᠷᠢᠶ᠎ᠠ᠂ ᠬᠢᠨᠠᠨ ᠪᠠᠶᠢᠴᠠᠭᠠᠬᠤ ᠵᠦᠪᠯᠡᠯ ᠤᠨ ᠬᠢᠨ ᠬᠢᠨᠠᠯᠲᠠ ᠲᠠᠯᠪᠢᠬᠤ ᠠᠷᠭ᠎ᠠ ᠬᠡᠮᠵᠢᠶ᠎ᠡ ᠶᠢᠨ | ᠰᠢᠨ᠎ᠡ ᠶᠢ ᠡᠬᠦᠳᠬᠦ ᠶᠢᠨ ᠵᠡᠷᠭᠡᠲᠡ᠂ ᠲᠤᠮᠢᠯᠠᠬᠰᠠᠨ ᠪᠠᠶᠢᠭᠤᠯᠤᠮᠵᠢ ᠶᠢᠨ ︽ᠵᠢᠷᠤᠭᠯᠠᠭᠠᠴᠢ︾ ᠦᠢᠯᠡᠲᠦᠯ ᠢ | ᠬᠦᠢᠴᠡᠳ ᠪᠠᠲᠠᠷᠠᠭᠤᠯᠤᠨ᠂ ᠬᠤᠲᠠᠯᠳᠤᠭ᠎ᠠ ᠡᠷᠬᠢᠯᠡᠬᠦ ᠤᠷᠴᠢᠨ ᠠᠬᠤᠢ ᠶᠢᠨ ᠬᠦᠴᠢᠷᠲᠡᠯ ᠲᠦᠭᠵᠢᠷᠡᠯ ᠤᠨ | ᠠᠰᠠᠭᠤᠲᠠᠯ ᠤᠨ ᠲᠠᠯ᠎ᠠ ᠪᠠᠷ ᠬᠢ ᠬᠢᠨᠠᠯᠲᠠ ᠪᠠᠶᠢᠴᠠᠭᠠᠯᠲᠠ ᠪᠠᠨ ᠴᠢᠩᠭᠠᠳᠬᠠᠵᠤ᠂ ᠠᠷᠢᠭᠤᠨ ᠴᠢᠭᠡᠴᠢ ᠶᠢᠨ ᠲᠠᠯ᠎ᠠ | ᠪᠠᠷ ᠲᠠᠭᠤᠲᠠᠵᠤ ᠶᠠᠷᠢᠯᠴᠠᠬᠤ᠂ ᠵᠠᠬᠢᠲᠠᠯ ᠰᠤᠷᠪᠤᠯᠵᠢᠯᠠᠭ᠎ᠠ ᠶᠢ ᠱᠦᠬᠦᠵᠦ ᠦᠵᠡᠬᠦ᠂ ᠢᠯᠡ ᠢᠶᠠᠷ ᠪᠠᠶᠢᠴᠠᠭᠠᠵᠤ | ᠲᠠᠯᠲᠠᠭᠤᠷ ᠰᠤᠷᠪᠤᠯᠵᠢᠯᠠᠬᠤ᠂ ᠠᠷᠠᠳ ᠠᠴᠠ ᠡᠷᠬᠢᠯᠡᠭᠰᠡᠨ ᠠᠵᠤ ᠠᠬᠤᠶᠢᠯᠠᠯ ᠤᠨ ᠲᠤᠬᠠᠢ ᠭᠠᠵᠠᠷ ᠲᠤᠨᠢ ᠤᠴᠢᠵᠤ | ᠰᠤᠷᠪᠤᠯᠵᠢᠯᠠᠬᠤ ᠵᠡᠷᠬᠡ ᠠᠷᠭ᠎ᠠ ᠬᠡᠯᠪᠡᠷᠢ ᠪᠠᠷ ᠲᠤᠮᠢᠯᠠᠬᠲᠠᠨ ᠰᠠᠭᠤᠬᠰᠠᠨ ᠨᠢᠭᠡᠴᠡ ᠶᠢᠨ ᠡᠷᠬᠡ ᠶᠢᠨ ᠬᠤᠪᠢᠶᠠᠷᠢᠯᠠᠯ᠂ | ᠠᠵᠢᠯᠯᠠᠭᠤᠯᠬᠤ ᠪᠠ ᠠᠷᠢᠭᠤᠨ ᠴᠡᠭᠡᠴᠢ ᠶᠢᠨ ᠲᠦᠭᠰᠢᠬᠦᠷᠢ ᠶᠢᠨ ᠲᠠᠷᠬᠠᠯᠲᠠ ᠶᠢᠨ ᠪᠠᠶᠢᠲᠠᠯ ᠢ ᠴᠠᠭ ᠲᠤᠬᠠᠢ ᠳᠤᠨᠢ | ᠤᠶᠢᠯᠠᠭᠠᠨ᠂ ᠭᠤᠤᠯᠲᠠᠭᠤ ᠠᠵᠢᠯ ᠤᠨ ᠰᠠᠬᠢᠯᠭ᠎ᠠ ᠪᠠᠳᠤ᠂ ᠵᠠᠰᠠᠭ ᠵᠠᠬᠢᠷᠭᠠᠨ ᠤ ᠬᠢᠨᠠᠵᠤ ᠵᠦᠪᠰᠢᠶᠡᠷᠡᠬᠦ᠂ ᠵᠠᠰᠠᠭ | ᠵᠠᠬᠢᠷᠭᠠᠨ ᠤ ᠵᠦᠪᠰᠢᠶᠡᠷᠡᠯ ᠦᠭᠬᠦ ᠶᠠᠪᠤᠴᠠ ᠳᠠᠬᠢ ᠦᠢᠯᠡᠴᠢᠯᠡᠭᠡᠨ ᠤ ᠤᠪᠤᠷ᠂ ᠠᠵᠢᠯ ᠬᠦᠢᠴᠡᠳᠬᠡᠬᠦ ᠴᠠᠭ ᠤᠨ | ᠬᠢᠵᠠᠭᠠᠷ᠂ ᠤᠯᠠᠨ ᠲᠦᠮᠡᠨ ᠤ ᠲᠠᠭᠠᠰᠢᠶᠠᠯ ᠤᠨ ᠬᠡᠮᠵᠢᠶ᠎ᠡ ᠵᠡᠷᠭᠡ ᠲᠠᠯ᠎ᠠ ᠪᠠᠷ ᠬᠢᠨᠠᠨ ᠪᠠᠶᠢᠴᠠᠭᠠᠵᠤ᠂ ᠡᠰᠡ | ᠦᠢᠯᠡᠳᠬᠦᠢ ᠂ ᠬᠠᠰᠢᠭ ᠦᠢᠯᠡᠳᠬᠦᠢ᠂ ᠲᠠᠪᠠ ᠪᠠᠷ ᠦᠢᠯᠡᠳᠬᠦᠢ᠂ ᠲᠠᠪᠠ ᠪᠠᠷ ᠲᠦᠯᠦᠪᠦᠷᠢ ᠬᠤᠷᠢᠶᠠᠬᠤ᠂ ᠡᠷᠦᠢ | ᠬᠤᠷᠤᠢ ᠦᠭᠡᠢ ᠲᠤᠷᠭᠠᠭᠠᠬᠤ᠂ ᠢᠲᠡᠬᠦ ᠠᠪᠬᠤ ᠭᠠᠴᠢᠬᠤ ᠭᠠᠷ ᠰᠠᠷᠪᠠᠶᠢᠬᠤ ᠵᠢᠴᠢ ᠰᠠᠨᠠᠭᠠᠨ ᠲᠠᠪᠠ ᠪᠠᠷ ᠲᠡᠰᠭᠡᠬᠦ᠂ | ᠵᠤᠷᠢᠭᠤᠲᠠ ᠬᠢᠬᠠᠬᠤ᠂ ᠠᠵᠤ ᠠᠬᠤᠶᠢᠯᠠᠯ ᠤᠨ ᠠᠰᠢᠭ ᠲᠤᠰᠠ ᠶᠢ ᠥᠯᠥ ᠤᠶᠢᠰᠢᠶᠠᠬᠤ ᠵᠡᠷᠭᠡ ᠬᠤᠲᠠᠯᠳᠤᠭ᠎ᠠ | ᠡᠷᠬᠢᠯᠡᠬᠦ ᠤᠷᠴᠢᠨ ᠠᠬᠤᠢ ᠶᠢ ᠬᠤᠬᠢᠷᠠᠭᠤᠯᠲᠠᠭ ᠬᠠᠤᠯᠢ ᠠᠴᠠ ᠵᠦᠷᠢᠴᠡᠵᠤ ᠰᠠᠬᠢᠯᠭ᠎ᠠ ᠪᠠᠳᠤ ᠶᠢ ᠡᠪᠲᠡᠭᠰᠡᠨ ᠡᠯ᠎ᠡ | ᠲᠦᠷᠦᠯ ᠤᠨ ᠠᠰᠠᠭᠤᠲᠠᠯ ᠢ ᠪᠦᠬᠦ ᠬᠦᠴᠦᠨ ᠢᠶᠠᠷ ᠴᠡᠭᠴᠡᠯᠡᠨ ᠵᠠᠰᠠᠵᠤ᠂ ᠦᠢᠯᠡᠴᠢᠯᠡᠭᠡᠨ ᠤ ᠦᠷ᠎ᠡ ᠴᠢᠲᠠᠮᠵᠢ ᠶᠢ | ᠠᠬᠢᠭᠤᠯᠤᠨ ᠲᠡᠭᠡᠭᠰᠢᠯᠡᠬᠦᠯᠵᠦ᠂ ᠠᠵᠤ ᠠᠬᠤᠶᠢᠯᠠᠯ ᠠᠴᠠ ᠵᠠᠷᠤᠲᠠᠯ ᠲᠦᠯᠦᠪᠦᠷᠢ ᠬᠤᠷᠢᠶᠠᠨ ᠠᠪᠬᠤ ᠠᠵᠢᠯᠯᠠᠭ᠎ᠠ ᠪᠠᠨ | ᠵᠢᠷᠤᠮᠵᠢᠭᠤᠯᠤᠨ᠂ ᠦᠢᠯᠡᠴᠢᠯᠡᠭᠡᠨ ᠤ ᠰᠤᠷᠲᠠᠯ ᠢᠶᠠᠨ ᠬᠤᠪᠢᠷᠠᠭᠤᠯᠤᠨ᠂ ᠬᠢᠨᠠᠯᠲᠠ ᠲᠠᠯᠪᠢᠬᠤ ᠬᠠᠤᠯᠢ ᠬᠡᠷᠡᠭᠵᠢᠬᠦᠯᠬᠦ | ᠦᠢᠯᠡ ᠠᠵᠢᠯᠯᠠᠭ᠎ᠠ ᠪᠠᠨ ᠵᠢᠷᠤᠮᠵᠢᠭᠤᠯᠬᠤ ᠵᠡᠷᠭᠡ ᠠᠷᠭ᠎ᠠ ᠬᠡᠮᠵᠢᠶ᠎ᠡ ᠶᠢ ᠬᠦᠴᠦᠨ ᠲᠠᠢ ᠨᠠᠶᠢᠲᠠᠪᠤᠷᠢᠵᠢᠭᠤᠯᠵᠤ ᠪᠤᠢ᠃ | ︵ᠬᠦᠬᠡᠬᠤᠲᠠ ᠶᠢᠨ ᠡᠲᠦᠷ ᠤᠨ ᠰᠤᠨᠢᠨ ᠤ ᠴᠢᠮᠡᠭᠡᠯᠡᠭᠴᠢ ᠸᠠᠩ ᠷᠦᠢ ᠶᠠᠩ ᠫᠧᠩ ᠵᠢᠶᠧ ︶ | http://mongol.people.com.cn/15825796.html |