ᠬᠦᠬᠡᠬᠤᠲᠠ ᠶᠢᠨ ᠡᠲᠦᠷ ᠤᠨ ᠰᠤᠨᠢᠨ ᠤ ᠮᠡᠲᠡᠭᠡ ︵ᠰᠤᠷᠪᠤᠯᠵᠢᠯᠠᠭᠴᠢ ᠹᠧᠩ ᠶᠠᠨ ᠫᠢᠩ ᠯᠢ ᠬᠠᠢ ᠵᠧᠨ | ︶ 9 ᠰᠠᠷ᠎ᠠ ᠶᠢᠨ 25 ᠤ ᠡᠲᠦᠷ᠂ ᠬᠦᠬᠡᠬᠤᠲᠠ ᠶᠢᠨ ᠰᠢᠨᠵᠢᠯᠡᠭᠡ ᠮᠡᠷᠭᠡᠵᠢᠯ ᠤᠨ ᠰᠢᠨ᠎ᠡ ᠡᠬᠦᠲᠦᠯᠲᠡ ᠶᠢᠨ | ᠲᠦᠪ ᠨᠡᠬᠡᠭᠡᠭᠲᠡᠬᠦ ᠶᠤᠰᠤᠯᠠᠯ ᠶᠠᠪᠤᠭᠲᠠᠯ᠎ᠠ᠃ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠨᠠᠮ ᠤᠨ | ᠬᠤᠷᠢᠶ᠎ᠠ ᠶᠢᠨ ᠪᠠᠶᠢᠩᠭᠤ ᠶᠢᠨ ᠭᠡᠰᠢᠬᠦᠨ᠂ ᠬᠦᠬᠡᠬᠤᠲᠠ ᠬᠤᠲᠠ ᠶᠢᠨ ᠨᠠᠮ ᠤᠨ ᠬᠤᠷᠢᠶ᠎ᠠ ᠶᠢᠨ ᠱᠦᠵᠢ ᠸᠠᠩ ᠯᠢ | ᠰᠢᠶᠠ ᠤᠷᠤᠯᠴᠠᠬᠰᠠᠨ ᠪᠦᠭᠡᠳ ᠪᠠᠶᠠᠷ ᠤᠨ ᠦᠭᠡ ᠬᠡᠯᠡᠪᠡ᠂ ᠦᠪᠤᠷ ᠮᠣᠩᠭᠤᠯ ᠤᠨ ᠦᠪᠡᠷᠲᠡᠭᠡᠨ ᠵᠠᠰᠠᠬᠤ ᠤᠷᠤᠨ | ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠬᠦᠨ᠂ ᠵᠤᠬᠢᠶᠠᠨ ᠪᠠᠶᠢᠭᠤᠯᠬᠤ ᠬᠡᠯᠲᠡᠰ ᠤᠨ ᠲᠠᠷᠤᠭ᠎ᠠ ᠶᠠᠩ ᠸᠧᠢ | ᠳ᠋ᠦᠩ᠂ ᠦᠪᠡᠷᠲᠡᠭᠡᠨ ᠵᠠᠰᠠᠬᠤ ᠤᠷᠤᠨ ᠤ ᠲᠡᠳ᠋ ᠲᠡᠷᠢᠬᠦᠯᠡᠭᠴᠢ ᠵᠧᠩ ᠬᠤᠩ ᠹᠠᠨ ᠶᠤᠰᠤᠯᠠᠯ ᠳᠤ ᠤᠷᠤᠯᠴᠠᠵᠠᠢ᠃ | | ᠨᠡᠬᠡᠭᠡᠭᠲᠡᠬᠦ ᠶᠤᠰᠤᠯᠠᠯ ᠢ ᠬᠦᠬᠡᠬᠤᠲᠠ ᠶᠢᠨ ᠨᠠᠮ ᠤᠨ ᠬᠤᠷᠢᠶ᠎ᠠ ᠶᠢᠨ ᠲᠡᠳ᠋ ᠱᠦᠵᠢ᠂ ᠬᠤᠲᠠ ᠶᠢᠨ ᠲᠠᠷᠤᠭ᠎ᠠ᠂ | ᠬᠤᠷᠢᠨᠭᠡᠷ ᠰᠢᠨ᠎ᠠ ᠲᠤᠭᠤᠷᠢᠭ ᠶᠢᠨ ᠨᠠᠮ ᠤᠨ ᠠᠵᠢᠯᠯᠠᠬᠤ ᠬᠤᠷᠢᠶ᠎ᠠ ᠶᠢᠨ ᠱᠦᠵᠢ ᠵᠠᠩ ᠪᠠᠢ ᠴᠧᠩ ᠡᠷᠬᠢᠯᠡᠪᠡ᠃ | ᠸᠠᠩ ᠯᠢ ᠰᠢᠶᠠ᠂ ᠤᠶᠢᠷ᠎ᠠ ᠶᠢᠨ ᠵᠢᠯ ᠤᠨ ᠲᠤᠷᠰᠢ᠂ ᠬᠦᠬᠡᠬᠤᠲᠠ ᠶᠢᠨ ᠬᠢᠨ ᠰᠢᠨ᠎ᠡ ᠴᠠᠭ ᠡᠷᠢᠨ ᠤ | ᠰᠢᠨᠵᠢᠯᠡᠭᠡ ᠮᠡᠷᠭᠡᠵᠢᠯ ᠤᠨ ᠰᠢᠨ᠎ᠡ ᠡᠬᠦᠲᠦᠯᠲᠡ ᠶᠢᠨ ᠲᠤᠬᠠᠢ ᠰᠢ ᠶᠢᠨ ᠫᠢᠩ ᠶᠡᠷᠦᠩᠬᠡᠢ ᠱᠦᠵᠢ ᠶᠢᠨ ᠴᠢᠬᠤᠯᠠ | ᠦᠬᠦᠯᠡᠯᠲᠡ ᠶᠢ ᠬᠦᠨᠵᠡᠭᠡᠢ ᠰᠤᠷᠤᠯᠴᠠᠨ ᠨᠠᠶᠢᠲᠠᠪᠤᠷᠢᠵᠢᠭᠤᠯᠵᠤ᠂ ᠨᠠᠮ ᠤᠨ ᠲᠦᠪ ᠬᠤᠷᠢᠶ᠎ᠠ᠂ ᠦᠪᠡᠷᠲᠡᠭᠡᠨ ᠵᠠᠰᠠᠬᠤ | ᠤᠷᠤᠨ ᠤ ᠨᠠᠮ ᠤᠨ ᠬᠤᠷᠢᠶ᠎ᠠ ᠶᠢᠨ ᠰᠡᠢᠳᠪᠤᠷᠢ ᠪᠠᠶᠢᠷᠢᠯᠠᠭᠤᠯᠲᠠ ᠶᠢ ᠦᠨᠡᠨᠴᠢ ᠬᠢᠨᠠᠮᠠᠭᠠᠢ ᠲᠤᠤᠱᠯᠠᠭᠤᠯᠤᠨ᠂ | ᠰᠢᠨᠵᠢᠯᠡᠭᠡ ᠮᠡᠷᠭᠡᠵᠢᠯ ᠤᠨ ᠰᠢᠨ᠎ᠡ ᠡᠬᠦᠲᠦᠯᠲᠡ ᠶᠢ ᠤᠷᠢᠲᠠᠪᠠᠷ ᠬᠦᠭᠵᠢᠬᠦᠯᠬᠦ ᠶᠢ ᠴᠢᠬᠤᠯᠠ ᠪᠠᠶᠢᠷᠢᠨ ᠳᠤ ᠲᠠᠯᠪᠢᠵᠤ᠂ | ᠰᠢᠨ᠎ᠡ ᠡᠬᠦᠲᠦᠯᠲᠡ ᠪᠠᠷ ᠬᠦᠲᠡᠯᠭᠡᠭᠦᠷ ᠬᠦᠴᠦ ᠪᠤᠯᠭᠠᠬᠤ ᠬᠦᠭᠵᠢᠯᠲᠡ ᠶᠢᠨ ᠪᠠᠶᠢᠯᠳᠤᠬᠤ ᠪᠤᠲᠤᠯᠭ᠎ᠠ ᠶᠢ | ᠬᠡᠷᠡᠭᠵᠢᠬᠦᠯᠦᠨ᠂ ᠪᠦᠬᠦ ᠬᠤᠲᠠ ᠶᠢᠨ ᠰᠢᠨ᠎ᠡ ᠶᠢ ᠡᠬᠦᠳᠬᠦ ᠴᠢᠲᠠᠪᠤᠷᠢ ᠮᠡᠲᠡᠭᠲᠡᠭᠦᠶᠢᠴᠡ ᠲᠡᠭᠡᠭᠰᠢᠯᠡᠵᠦ᠂ ᠰᠢᠨ᠎ᠡ ᠶᠢ | ᠡᠬᠦᠳᠬᠦ ᠶᠡᠷᠦᠩᠬᠡᠢ ᠪᠤᠲᠠᠳᠤ ᠬᠦᠴᠦᠨ ᠢᠯᠡᠷᠬᠡᠢ ᠰᠠᠶᠢᠵᠢᠷᠠᠵᠠᠢ ᠭᠡᠯᠡ᠃ | ᠸᠠᠩ ᠯᠢ ᠰᠢᠶᠠ ᠴᠢᠬᠤᠯᠠᠴᠢᠯᠠᠨ ᠵᠢᠭᠠᠬᠤ ᠳᠠᠭᠠᠨ᠄ ᠰᠢᠨ᠎ᠡ ᠬᠦᠭᠵᠢᠯᠲᠡ ᠶᠢᠨ ᠱᠠᠳᠤᠨ ᠤ ᠰᠢᠨ᠎ᠡ ᠠᠵᠠ | ᠲᠤᠬᠢᠶᠠᠯ ᠰᠢᠨ᠎ᠡ ᠦᠷᠢᠰᠦᠯᠲᠦᠭᠡᠨ ᠤ ᠡᠮᠦᠨ᠎ᠡ᠂ ᠰᠢᠨᠵᠢᠯᠡᠭᠡ ᠮᠡᠷᠭᠡᠵᠢᠯ ᠤᠨ ᠰᠢᠨ᠎ᠡ ᠡᠬᠦᠲᠦᠯᠲᠡ ᠶᠢᠨ ᠴᠢᠬᠤᠯᠠ | ᠦᠢᠯᠡᠲᠦᠯ ᠨᠡᠩ ᠲᠤᠪᠤᠶᠢᠮ᠎ᠠ ᠪᠤᠯᠵᠠᠢ᠃ ᠪᠢᠲᠠ ᠰᠢᠨᠵᠢᠯᠡᠭᠡ ᠮᠡᠷᠭᠡᠵᠢᠯ ᠤᠨ ᠰᠢᠨ᠎ᠡ ᠡᠬᠦᠲᠦᠯᠲᠡ ᠶᠢᠨ ᠲᠤᠬᠠᠢ ᠰᠢ | ᠶᠢᠨ ᠫᠢᠩ ᠶᠡᠷᠦᠩᠬᠡᠢ ᠱᠦᠵᠢ ᠶᠢᠨ ᠴᠢᠬᠤᠯᠠ ᠦᠬᠦᠯᠡᠯᠲᠡ ᠶᠢ ᠬᠦᠨᠵᠡᠭᠡᠢ ᠰᠤᠷᠤᠯᠴᠠᠨ ᠨᠠᠶᠢᠲᠠᠪᠤᠷᠢᠵᠢᠭᠤᠯᠵᠤ᠂ ᠨᠠᠮ | ᠤᠨ ᠲᠦᠪ ᠬᠤᠷᠢᠶ᠎ᠠ᠂ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠰᠡᠢᠳᠪᠤᠷᠢ ᠪᠠᠶᠢᠷᠢᠯᠠᠭᠤᠯᠲᠠ ᠶᠢ | ᠦᠨᠡᠨᠴᠢ ᠬᠢᠨᠠᠮᠠᠭᠠᠢ ᠲᠤᠤᠱᠯᠠᠭᠤᠯᠤᠨ᠂ ᠰᠢᠨᠵᠢᠯᠡᠭᠡ ᠮᠡᠷᠭᠡᠵᠢᠯ ᠤᠨ ᠰᠢᠨ᠎ᠡ ᠡᠬᠦᠲᠦᠯᠲᠡ ᠶᠢᠨ ︽ᠲᠦᠷᠦᠬᠦᠦ ᠠᠯᠬᠤᠮ | ᠤᠨ ᠰᠢᠲᠠᠷ᠎ᠠ︾ ᠶᠢ ᠨᠠᠷᠢᠨ ᠬᠢᠨᠠᠮᠠᠭᠠᠢ ᠶᠠᠪᠤᠵᠤ᠂ ᠰᠢ ᠶᠢᠨ ᠫᠢᠩ ᠶᠡᠷᠦᠩᠬᠡᠢ ᠱᠦᠵᠢ ᠶᠢᠨ ︽ᠲᠦᠷᠪᠡ ᠳᠤ | ᠬᠠᠨᠳᠤᠬᠤ︾ ᠴᠢᠬᠤᠯᠠ ᠵᠢᠭᠠᠪᠤᠷᠢ ᠶᠢ ᠮᠦᠷᠲᠡᠨ᠂ ᠰᠢᠨᠵᠢᠯᠡᠭᠡ ᠮᠡᠷᠭᠡᠵᠢᠯ ᠤᠨ ᠰᠢᠨ᠎ᠡ ᠡᠬᠦᠲᠦᠯᠲᠡ ᠶᠢᠨ ︽ | ᠪᠤᠭᠤᠮᠲᠠ ᠰᠢᠪᠲᠤᠯᠬᠤ ᠲᠠᠶᠢᠯᠠᠯᠳᠤᠭᠠᠨ︾ ᠢ ᠰᠠᠶᠢᠳᠤᠷ ᠬᠢᠵᠤ︔ ᠰᠢ ᠶᠢᠨ ᠫᠢᠩ ᠶᠡᠷᠦᠩᠬᠡᠢ ᠱᠦᠵᠢ ᠶᠢᠨ ︽ | ᠴᠢᠲᠠᠪᠤᠷᠢᠲᠠᠨ ᠪᠤᠯ ᠨᠢᠭᠡᠲᠦᠬᠡᠷ ᠡᠬᠢ ᠪᠠᠶᠠᠯᠢᠭ ᠮᠦᠨ︾ ᠭᠡᠰᠡᠨ ᠵᠢᠭᠠᠪᠤᠷᠢ ᠶᠢ ᠪᠠᠳᠤ ᠴᠡᠭᠡᠵᠢᠯᠡᠵᠤ᠂ ᠰᠢᠨᠵᠢᠯᠡᠭᠡ | ᠮᠡᠷᠭᠡᠵᠢᠯ ᠤᠨ ᠰᠢᠨ᠎ᠡ ᠡᠬᠦᠲᠦᠯᠲᠡ ᠶᠢᠨ ︽ᠦᠬᠡᠷ ᠤᠨ ᠲᠦᠷᠦ︾ ᠶᠢ ᠴᠢᠩᠭ᠎ᠠ ᠪᠠᠷᠢᠵᠤ᠂ ᠰᠢᠨ᠎ᠡ ᠶᠢ ᠡᠬᠦᠳᠬᠦ | ᠴᠢᠲᠠᠪᠤᠷᠢᠲᠠᠨ ᠢ ᠪᠤᠶᠢᠵᠢᠭᠤᠯᠬᠤ ᠬᠦᠮᠦᠵᠢᠯ ᠢ ᠴᠢᠩᠭᠠᠳᠬᠠᠨ᠂ ᠠᠵᠤ ᠠᠬᠤᠶᠢᠯᠠᠯ ᠤᠨ ᠮᠡᠷᠭᠡᠵᠢᠯ ᠤᠨ ᠰᠢᠨ᠎ᠡ | ᠡᠬᠦᠲᠦᠯᠲᠡ ᠶᠢᠨ ᠰᠢᠨ᠎ᠡ ᠭᠤᠤᠯ ᠴᠤᠬᠴᠠ ᠶᠢᠨ ᠦᠢᠯᠡᠲᠦᠯ ᠢ ᠤᠯᠠᠮ ᠨᠢᠭᠡ ᠠᠯᠬᠤᠮ ᠪᠠᠲᠠᠷᠠᠭᠤᠯᠤᠨ᠂ | ᠦᠢᠯᠡᠳᠪᠦᠷᠢᠯᠡᠯ ᠰᠤᠷᠭᠠᠭᠤᠯᠢ ᠰᠢᠨᠵᠢᠯᠡᠭᠡᠨ ᠤ ᠬᠦᠨᠵᠡᠭᠡᠢ ᠠᠭᠤᠰᠤᠯᠲᠠ ᠶᠢ ᠦᠨᠡᠨᠬᠦ ᠠᠬᠢᠭᠤᠯᠬᠤ ᠬᠡᠷᠡᠭᠲᠡᠢ ᠭᠡᠪᠡ᠃ | | ᠶᠠᠷᠢᠶᠠᠨ ᠤ ᠪᠠᠨ ᠲᠡᠭᠦᠰᠭᠡᠯ ᠳᠤ ᠲᠡᠷᠡ ᠦᠷᠭᠡᠨ ᠤᠯᠠᠨ ᠰᠢᠨᠵᠢᠯᠡᠬᠦ ᠤᠬᠠᠭᠠᠨ ᠤ ᠠᠵᠢᠯᠲᠠᠳ ᠬᠢᠭᠡᠳ | ᠰᠢᠨ᠎ᠡ ᠶᠢ ᠡᠬᠦᠳᠬᠦ ᠠᠵᠤ ᠠᠬᠤᠶᠢᠯᠠᠯ ᠨᠤᠭᠤᠳ ᠵᠤᠷᠢᠬᠲᠠᠢ ᠪᠠᠷ ᠰᠢᠨ᠎ᠡ ᠶᠢ ᠡᠬᠦᠳᠬᠦ ᠠᠭᠤᠤ ᠵᠤᠷᠢᠭ ᠠᠤᠭ᠎ᠠ | ᠰᠠᠨᠠᠭ᠎ᠠ ᠪᠤᠯᠤᠨ ᠦᠪᠡᠷᠮᠢᠴᠠ ᠰᠢᠨᠵᠢᠯᠡᠭᠡ ᠮᠡᠷᠭᠡᠵᠢᠯ ᠤᠨ ᠦᠷ᠎ᠡ ᠪᠦᠲᠦᠭᠡᠯ ᠢᠶᠠᠷ ᠢᠶᠠᠨ ᠤᠷᠤᠨ ᠤ ᠲᠦᠪ ᠬᠤᠲᠠ | ᠶᠢᠨ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠦᠭᠵᠢᠯᠲᠡ ᠳᠤ ᠬᠦᠴᠦᠷᠬᠡᠭ ᠶᠡᠭᠡ ᠬᠦᠲᠡᠯᠭᠡᠬᠦᠷ ᠬᠦᠴᠦᠨ | ᠬᠠᠩᠭᠠᠬᠤ ᠶᠢ ᠬᠦᠰᠡᠵᠦ ᠪᠠᠶᠢᠨ᠎ᠠ ᠭᠡᠵᠡᠢ᠃ | http://mongol.people.com.cn/15825552.html |