ᠬᠤᠲᠠ ᠶᠢᠨ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ  ᠠᠵᠢᠯ ᠤᠨ ᠵᠢᠯᠣᠭᠤᠳᠬᠤ ᠭᠠᠵᠠᠷ ᠲᠣᠬᠢᠷᠠᠭᠤᠯᠤᠯᠲᠠ ᠶᠢᠨ ᠬᠤᠷᠠᠯ ᠬᠤᠷᠠᠯᠳᠤᠭᠤᠯᠪᠠ
ᠨᠡᠶᠢᠲᠡᠯᠡᠭᠰᠡᠨ ᠴᠠᠭ᠄
2020/9/23
ᠵᠠᠩ ᠪᠠᠢ ᠴᠧᠩ ᠬᠤᠷᠠᠯ ᠢ ᠡᠷᠭᠢᠯᠡᠪᠡ      9 ᠳ᠋ᠤᠭᠡᠷ ᠰᠠᠷ᠎ᠠ ᠶᠢᠨ 22 ᠤᠨ ᠡᠳᠦᠷ᠂ ᠬᠤᠲᠠ ᠶᠢᠨ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠵᠢᠯᠣᠭᠤᠳᠬᠤ ᠭᠠᠵᠠᠷ 49 ᠳ᠋ᠤᠭᠡᠷ ᠤᠳᠠᠭᠠᠨ ᠤ ᠲᠣᠬᠢᠷᠠᠭᠤᠯᠤᠯᠲᠠ ᠶᠢᠨ ᠬᠤᠷᠠᠯ ᠬᠤᠷᠠᠯᠳᠤᠭᠤᠯᠵᠤ᠂ ᠲᠥᠷᠥ ᠶᠢᠨ ᠶᠠᠪᠤᠳᠠᠯ ᠤᠨ ᠬᠤᠷᠢᠶ᠎ᠠ ᠶᠢᠨ ᠬᠤᠯᠪᠤᠭᠠᠯᠠᠨ ᠰᠡᠷᠭᠡᠶᠢᠯᠡᠵᠦ ᠬᠤᠯᠪᠤᠭᠠᠯᠠᠨ ᠡᠵᠡᠮᠳᠡᠬᠦ ᠲᠣᠭᠲᠠᠴᠠ ᠶᠢᠨ ᠲᠤᠰᠬᠠᠶ ᠰᠢᠮᠳᠠᠭᠤᠯᠤᠨ ᠪᠠᠶᠢᠴᠠᠭᠠᠯᠲᠠ ᠶᠢ ᠤᠭᠲᠤᠬᠤ ᠪᠠ ᠨᠠᠮᠤᠷ ᠡᠪᠦᠯ ᠤᠨ ᠤᠯᠠᠷᠢᠯ ᠤᠨ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠪᠠᠶᠢᠷᠢᠯᠠᠭᠤᠯᠪᠠ᠃ ᠬᠤᠲᠠ ᠶᠢᠨ ᠨᠠᠮ ᠤᠨ ᠬᠤᠷᠢᠶᠠᠨ ᠤ ᠳᠡᠳ᠋ ᠱᠦᠵᠢ᠂ ᠬᠤᠲᠠ ᠶᠢᠨ ᠳᠠᠷᠤᠭ᠎ᠠ᠂ ᠬᠤᠷᠢᠨᠭᠡᠷ ᠰᠢᠨ᠎ᠡ ᠲᠣᠭᠤᠷᠢᠭ ᠤᠨ ᠨᠠᠮ ᠤᠨ ᠠᠵᠢᠯᠯᠠᠬᠤ ᠬᠤᠷᠢᠶ᠎ᠠ ᠶᠢᠨ ᠱᠦᠵᠢ᠂ ᠬᠤᠲᠠ ᠶᠢᠨ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠵᠢᠯᠣᠭᠤᠳᠬᠤ ᠭᠠᠵᠠᠷ ᠤᠨ ᠶᠡᠷᠦᠩᠬᠡᠶ ᠵᠢᠯᠣᠭᠤᠳᠣᠭᠴᠢ ᠵᠠᠩ ᠪᠠᠢ ᠴᠧᠩ ᠬᠤᠷᠠᠯ ᠢ ᠡᠷᠭᠢᠯᠡᠪᠡ᠃      ᠵᠠᠩ ᠪᠠᠢ ᠴᠧᠩ ᠵᠢᠭᠠᠬᠤ ᠳᠠᠭᠠᠨ᠂ ᠲᠥᠷᠥ ᠶᠢᠨ ᠶᠠᠪᠤᠳᠠᠯ ᠤᠨ ᠬᠤᠷᠢᠶᠠᠨ ᠤ ᠬᠤᠯᠪᠣᠭᠠᠯᠠᠨ ᠰᠡᠷᠭᠡᠶᠢᠯᠡᠵᠦ ᠬᠤᠯᠪᠣᠭᠠᠯᠠᠨ ᠡᠵᠡᠮᠳᠡᠬᠦ ᠲᠣᠭᠲᠠᠴᠠ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠤᠰᠬᠠᠶ ᠰᠢᠮᠳᠠᠭᠤᠯᠤᠨ ᠪᠠᠶᠢᠴᠠᠭᠠᠯᠲᠠ ᠦᠷᠨᠢᠬᠦᠯᠬᠦ ᠪᠠᠷ ᠪᠠᠶᠢᠭ᠎ᠠ ᠨᠢ ᠮᠠᠨ ᠤ ᠬᠤᠲᠠ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ  ᠠᠵᠡᠮᠳᠡᠬᠦ ᠠᠵᠢᠯ ᠢ ᠥᠷᠨᠢᠭᠦᠯᠦᠭᠰᠡᠨ ᠪᠠᠶᠢᠳᠠᠯ ᠤᠨ ᠨᠢᠭᠡ ᠤᠳᠠᠭᠠᠨ ᠤ ᠪᠦᠬᠦ ᠲᠠᠯ᠎ᠠ ᠶᠢᠨ ᠪᠠᠶᠢᠴᠠᠭᠠᠯᠲᠠ ᠪᠣᠯᠤᠨ᠎ᠠ᠃ ᠮᠥᠨᠴᠦ ᠮᠠᠨ ᠤ ᠨᠠᠮᠤᠷ ᠡᠪᠦᠯ ᠤᠨ ᠤᠯᠠᠷᠢᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠰᠠᠶᠢᠲᠤᠷ ᠬᠢᠬᠦ ᠶᠢᠨ ᠨᠢᠭᠡ ᠤᠳᠠᠭᠠᠨ ᠤ ᠬᠦᠴᠦᠲᠡᠶ ᠵᠢᠯᠣᠭᠤᠳᠤᠯᠭ᠎ᠠ ᠪᠣᠯᠤᠨ᠎ᠠ᠃ ᠡᠯ᠎ᠡ ᠱᠠᠲᠤ ᠡᠯ᠎ᠡ ᠰᠠᠯᠠᠭ᠎ᠠ ᠮᠥᠴᠢᠷ ᠤᠨ ᠬᠢᠨ ᠲᠤᠰ ᠤᠳᠠᠭᠠᠨ ᠤ ᠲᠤᠰᠬᠠᠶ ᠰᠢᠮᠳᠠᠭᠤᠯᠤᠨ ᠪᠠᠶᠢᠴᠠᠭᠠᠬᠤ ᠠᠵᠢᠯ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠲᠤᠰ ᠲᠤᠰ ᠤᠨ ᠡᠭᠦᠷᠭᠡ ᠬᠠᠷᠢᠭᠤᠴᠠᠯᠭ᠎ᠠ ᠡᠭᠦᠷᠭᠡ ᠴᠢᠳᠠᠪᠤᠷᠢ ᠶᠢᠨ ᠶᠤᠰᠤᠭᠠᠷ ᠪᠠᠶᠢᠴᠠᠭᠠᠯᠲᠠ ᠶᠢ ᠤᠭᠲᠤᠬᠤ᠂ ᠪᠠᠶᠢᠴᠠᠭᠠᠬᠤ ᠠᠵᠢᠯ ᠳᠤ ᠪᠡᠯᠡᠳᠬᠡᠬᠦ ᠡᠯ᠎ᠡ ᠵᠦᠢᠯ ᠤᠨ ᠠᠵᠢᠯ ᠢ ᠨᠠᠷᠢᠨ ᠬᠢᠨᠠᠮᠠᠭᠠᠢ ᠰᠠᠶᠢᠲᠤᠷ ᠬᠢᠵᠦ᠂ ᠲᠣᠰ ᠤᠳᠠᠭᠠᠨ ᠤ ᠲᠤᠰᠬᠠᠶ ᠰᠢᠮᠳᠠᠭᠤᠯᠤᠨ ᠪᠠᠶᠢᠴᠠᠭᠠᠬᠤ ᠡᠭᠦᠷᠭᠡ ᠳᠤ ᠢᠳᠡᠪᠬᠢᠲᠡᠢ ᠬᠠᠮᠵᠢᠯᠴᠠᠨ ᠰᠠᠶᠢᠬᠠᠨ ᠪᠡᠶᠡᠯᠡᠭᠦᠯᠬᠦ ᠶᠢ ᠦᠨᠡᠨᠬᠦ  ᠪᠠᠳᠤᠯᠠᠬᠤ ᠬᠡᠷᠡᠭᠳᠡᠢ ᠭᠡᠵᠡᠢ᠃        ᠵᠠᠩ ᠪᠠᠢ ᠴᠧᠩ ᠴᠢᠬᠤᠯᠠᠴᠢᠯᠠᠬᠤ ᠳᠠᠭᠠᠨ᠂ ᠨᠠᠮᠤᠷ ᠡᠪᠦᠯ ᠤᠨ ᠤᠯᠠᠷᠢᠯ ᠳᠤ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠮᠥᠨ ᠯᠡ ᠪᠦᠬᠦ ᠪᠥᠮᠪᠥᠷᠴᠡᠭ ᠲᠤ ᠳᠡᠯᠭᠡᠷᠡᠵᠦ᠂ ᠭᠠᠳᠠᠨ᠎ᠠ ᠠᠴᠠ ᠤᠷᠤᠵᠤ ᠢᠷᠡᠬᠦ ᠶᠢ ᠰᠡᠷᠭᠡᠶᠢᠯᠡᠬᠦ ᠳᠠᠷᠤᠯᠲᠠ ᠮᠥᠨ ᠯᠡ ᠨᠡᠯᠢᠶᠡᠳ ᠶᠡᠭᠡ ᠪᠠᠶᠢᠨ᠎ᠠ᠃ ᠡᠯ᠎ᠡ ᠱᠠᠲᠤ ᠡᠯ᠎ᠡ ᠰᠠᠯᠠᠭ᠎ᠠ ᠮᠦᠴᠢᠷ ᠤᠨ ᠬᠢᠨ ᠡᠷᠬᠡᠪᠰᠢ ᠮᠢᠨᠴᠦᠭᠦᠷᠡᠬᠦ ᠦᠵᠡᠯ ᠰᠠᠨᠠᠭ᠎ᠠ ᠪᠠ ᠰᠤᠯᠠᠷᠠᠬᠤ ᠪᠠᠶᠢᠳᠠᠯ ᠶᠢ ᠡᠷᠡᠰ ᠲᠡᠪᠴᠢᠵᠦ᠂  ᠳᠡᠭᠡᠳᠦ ᠬᠡᠮᠵᠢᠶᠡᠨ ᠤ ᠰᠣᠨᠣᠷ ᠰᠡᠷᠡᠮᠵᠢ ᠲᠠᠢ ᠪᠠᠶᠢᠬᠤ ᠣᠶᠤᠨ ᠰᠠᠨᠠᠭᠠᠨ ᠤ ᠪᠠᠶᠢᠳᠠᠯ᠂ ᠯᠠᠪᠳᠠᠭᠤᠨ ᠪᠣᠯᠭᠤᠮᠵᠢᠳᠠᠢ ᠪᠠᠶᠢᠬᠤ ᠠᠵᠢᠯ ᠤᠨ ᠪᠠᠶᠢᠳᠠᠯ᠂ ᠪᠠᠬᠢᠯᠡᠯᠲᠡ ᠪᠠᠨ ᠴᠢᠩᠳᠠᠯᠠᠨ ᠪᠠᠶᠢᠯᠳᠤᠭᠠᠨ ᠳᠤ ᠪᠡᠯᠡᠳᠭᠡᠬᠦ ᠪᠠᠶᠢᠳᠠᠯ ᠢ ᠢᠮᠠᠭᠲᠠ ᠪᠠᠷᠢᠮᠲᠠᠯᠠᠵᠤ᠂ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠪᠣᠯᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠪᠠᠶᠢᠷᠢᠯᠠᠭᠤᠯᠤᠯᠲᠠ ᠱᠠᠭᠠᠷᠳᠠᠯᠭ᠎ᠠ ᠶᠣᠰᠣᠭᠠᠷ᠂ ᠨᠠᠮᠤᠷ ᠡᠪᠦᠯ ᠤᠨ ᠤᠯᠠᠷᠢᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠡᠯ᠎ᠡ ᠵᠦᠢᠯ ᠤᠨ ᠠᠵᠢᠯ ᠢ ᠴᠢᠷᠮᠠᠶᠢᠨ ᠰᠠᠶᠢᠲᠤᠷ ᠠᠳᠬᠤᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠷᠠᠳ ᠤᠨ ᠳᠠᠶᠢᠨ᠂ ᠶᠡᠷᠦᠩᠬᠡᠢ ᠳᠠᠶᠢᠨ᠂ ᠬᠤᠷᠢᠭᠯᠠᠨ ᠴᠣᠬᠢᠬᠤ ᠳᠠᠶᠢᠯᠠᠯᠳᠤᠭᠠᠨ ᠤ ᠢᠯᠠᠯᠲᠠ ᠶᠢ ᠡᠷᠡᠰ ᠲᠡᠮᠡᠴᠡᠨ ᠣᠯᠬᠤ ᠬᠡᠷᠡᠭᠲᠡᠶ ᠭᠡᠵᠡᠢ᠃       ᠬᠤᠷᠠᠯ ᠢ ᠸᠢᠳᠢᠤ᠋ ᠬᠡᠯᠪᠡᠷᠢ ᠪᠠᠷ ᠬᠤᠷᠠᠯᠳᠤᠭᠤᠯᠵᠤ᠂ ᠬᠤᠲᠠ ᠶᠢᠨ ᠤᠳᠤᠷᠢᠳᠤᠯᠭ᠎ᠠ ᠸᠠᠩ ᠬᠤᠤ ᠯᠧᠢ᠂ ᠰᠢᠤᠢ ᠷᠦᠢ ᠰᠢᠶᠠ᠂ ᠪᠢ ᠭᠦᠸᠧ ᠴᠧᠨ᠂ ᠵᠠᠩ ᠭᠦᠸᠧ ᠫᠢᠩ᠂ ᠬᠤᠲᠠ ᠶᠢᠨ ᠵᠠᠰᠠᠭ ᠤᠨ ᠣᠷᠳᠣᠨ ᠤ ᠨᠠᠷᠢᠨ ᠪᠢᠴᠢᠭ ᠤᠨ ᠳᠠᠷᠤᠭ᠎ᠠ ᠵᠠᠩ ᠵᠦᠩ ᠳ᠋ᠦᠩ ᠵᠢᠴᠢ ᠬᠤᠯᠪᠤᠭᠳᠠᠯ ᠪᠦᠬᠦᠢ ᠰᠠᠯᠠᠭ᠎ᠠ ᠮᠥᠴᠢᠷ ᠤᠨ ᠭᠤᠣᠯ ᠬᠠᠷᠢᠭᠤᠴᠠᠯᠭᠠᠲᠠᠨ ᠨᠥᠬᠦᠳ ᠭᠤᠣᠯ ᠬᠤᠷᠠᠯ ᠤᠨ ᠲᠠᠯᠠᠪᠠᠢ ᠳᠤ ᠬᠤᠷᠠᠯ ᠳᠤ ᠣᠷᠣᠯᠴᠠᠪᠠ᠃ ᠡᠯ᠎ᠡ ᠬᠤᠰᠢᠭᠤ ᠰᠢᠶᠠᠨ ᠲᠣᠭᠤᠷᠢᠭ᠂ ᠠᠵᠤ ᠠᠬᠤᠶ ᠮᠡᠷᠭᠡᠵᠢᠯ ᠤᠨ ᠨᠡᠭᠡᠭᠡᠯᠲᠡ ᠶᠢᠨ ᠲᠣᠭᠤᠷᠢᠭ ᠤᠨ ᠭᠤᠤᠯ ᠬᠠᠷᠢᠭᠤᠴᠠᠯᠭᠠᠲᠠᠨ ᠨᠥᠬᠦᠳ ᠡᠯ᠎ᠡ ᠬᠤᠪᠢᠶᠠᠷᠢ ᠬᠤᠷᠠᠯ ᠤᠨ ᠲᠠᠯᠠᠪᠠᠶ ᠳᠤ ᠬᠤᠷᠠᠯ ᠳᠤ ᠤᠷᠤᠯᠴᠠᠪᠠ᠃ ︵ᠯᠢ ᠬᠠᠢ ᠵᠧᠨ︶
 
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号