ᠤᠯᠤᠰ ᠤᠨ ᠪᠠᠶᠠᠷ ᠢᠶᠠᠷ ᠬᠦᠬᠡᠬᠤᠲᠠ ᠶᠢᠨ ᠬᠠᠭᠤᠴᠢᠨ ᠬᠤᠲᠠ ᠪᠠᠷ ᠠᠶᠢᠯᠴᠢᠯᠠᠵᠤ ᠪᠠᠭᠤᠭᠠᠷᠠᠢ
ᠨᠡᠶᠢᠲᠡᠯᠡᠭᠰᠡᠨ ᠴᠠᠭ᠄
2020/9/22
     ᠤᠯᠤᠰ ᠤᠨ ᠪᠠᠶᠠᠷ ᠤᠨ  ᠠᠮᠠᠷᠠᠯᠲᠠ ᠤᠳᠠᠯ ᠦᠭᠡᠢ ᠬᠦᠷᠴᠦ ᠢᠷᠡᠬᠦ ᠪᠤᠯᠤᠯ᠎ᠠ᠃ ᠠᠮᠠᠷᠠᠯᠲᠠ ᠶᠢᠨ ᠡᠳᠦᠷ ᠤᠳ ᠢᠶᠠᠷ ᠬᠦᠬᠡᠬᠤᠲᠠ ᠳᠤ ᠲᠤᠭᠤᠷᠢᠵᠤ  ᠵᠤᠭᠠᠴᠠᠮᠠᠷ ᠤᠯᠠᠨ ᠰᠠᠶᠢᠬᠠᠨ ᠭᠠᠵᠠᠷ ᠪᠠᠶᠢᠳᠠᠭ ᠤᠨ ᠨᠢᠭᠡ ᠨᠢ  ᠬᠦᠬᠡᠬᠤᠲᠠ ᠶᠢᠨ ᠶᠡᠭᠡ ᠵᠤᠤ ᠰᠦᠮ᠎ᠡ ᠪᠤᠯᠤᠨ᠎ᠠ᠃ ᠬᠦᠬᠡᠬᠤᠲᠠ ᠶᠢᠨ ᠲᠡᠦᠭᠡ ᠰᠤᠶᠤᠯ ᠤᠨ ᠵᠢᠭᠤᠯᠴᠢᠯᠠᠯ ᠤᠨ ᠤᠷᠤᠨ  ᠪᠤᠯᠤᠭᠰᠠᠨ ᠶᠡᠭᠡ ᠵᠤᠤ ᠰᠦᠮ᠎ᠡ ᠪᠠᠷ ᠲᠤᠭᠤᠷᠢᠵᠤ ᠬᠠᠭᠤᠴᠢᠨ ᠬᠤᠳᠠ ᠵᠡᠭᠡᠯᠢ ᠪᠠᠷ ᠶᠠᠪᠤᠵᠤ  ᠬᠦᠬᠡᠬᠤᠲᠠ ᠶᠢᠨ ᠨᠡᠷᠡᠲᠦ ᠠᠮᠳᠠᠳᠤ ᠢᠳᠡᠭᠡᠨ ᠱᠤᠤᠮᠠᠢ ᠶᠢ ᠠᠮᠳᠠᠷᠬᠠᠨ ᠵᠤᠭᠤᠭᠯᠠᠬᠤ ᠨᠢ  ᠲᠠᠨ ᠳᠤ ᠨᠢᠭᠡᠨ ᠴᠠᠭ ᠤᠨ ᠵᠤᠭ᠎ᠠ  ᠴᠡᠩᠬᠡᠯ ᠢ ᠮᠡᠳᠡᠷᠡᠭᠦᠯᠬᠦ ᠨᠢ ᠯᠠᠪᠳᠠᠢ᠃
ᠢᠷᠡᠯᠲᠡ᠄ ᠦᠪᠦᠷ ᠮᠤᠩᠭᠤᠯ ᠤᠨ ᠮᠤᠩᠭᠤᠯ ᠤᠳᠤᠨ ᠲᠧᠯᠸᠢᠰ ᠤᠨ ᠸᠢᠴᠠᠲ ᠲᠠᠪᠴᠠᠩ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ