ᠰᠢᠨᠬᠤᠸᠠ ᠬᠤᠷᠢᠶᠠᠨ ᠤ ᠲᠢᠶᠠᠨᠵᠢᠨ ᠤ 9 ᠰᠠᠷ᠎ᠠ ᠶᠢᠨ 15 ᠤ ᠡᠳᠦᠷ ᠤᠨ ᠮᠡᠳᠡᠭᠡ ︵ᠰᠤᠷᠪᠤᠯᠵᠢᠯᠠᠭᠴᠢ ᠶᠢᠨ | ᠰᠧ ᠶᠤᠸᠠᠨ︶ ︽5G︾ ᠶᠢᠨ ᠴᠠᠭ ᠦᠶ᠎ᠡ ᠬᠦᠷᠴᠦ ᠢᠷᠡᠬᠦ ᠶᠢ ᠳᠠᠭᠠᠯᠳᠤᠨ᠂ ᠰᠦᠯᠵᠢᠶᠡᠨ ᠤ ᠠᠮᠤᠷ | ᠲᠦᠪᠰᠢᠨ ᠨᠢ ᠤᠯᠠᠨ ᠨᠡᠶᠢᠳᠡ ᠶᠢᠨ ᠥᠷᠭᠡᠨ ᠢᠶᠠᠷ ᠠᠩᠬᠠᠷᠴᠤ ᠪᠠᠶᠢᠭ᠎ᠠ ᠰᠡᠳᠦᠪ ᠪᠣᠯᠪᠠ᠃ ᠰᠦᠯᠵᠢᠶᠡᠨ ᠤ ᠠᠮᠤᠷ | ᠲᠦᠪᠰᠢᠨ ᠨᠢ ᠤᠯᠤᠰ ᠤᠨ ᠠᠮᠤᠷ ᠲᠦᠪᠰᠢᠨ ᠲᠠᠢ ᠬᠤᠯᠪᠣᠭᠳᠠᠬᠤ ᠪᠦᠭᠡᠳ ᠮᠥᠨ ᠴᠦ ᠮᠠᠨ ᠤ ᠬᠥᠮᠦᠨ | ᠨᠢᠭᠡᠪᠦᠷᠢ ᠶᠢᠨ ᠡᠳᠦᠷ ᠲᠤᠲᠤᠮ ᠤᠨ ᠠᠮᠢᠳᠤᠷᠠᠯ ᠲᠠᠢ ᠨᠢᠭᠲᠠ ᠬᠤᠯᠪᠣᠭ᠎ᠠ ᠲᠠᠢ ᠶᠤᠮ᠂ ᠪᠢᠳᠡ ᠶᠠᠮᠠᠷ | ᠠᠷᠭ᠎ᠠ ᠨᠤᠭᠤᠳ ᠢ ᠠᠪᠤᠪᠠᠯ ᠬᠤᠪᠢ ᠬᠥᠮᠦᠨ ᠤ ᠮᠡᠳᠡᠭᠡ ᠵᠠᠩᠭᠢ ᠵᠠᠳᠠᠷᠠᠬᠤ ᠠᠴᠠ ᠬᠢᠴᠢᠶᠡᠵᠦ ᠴᠢᠳᠠᠬᠤ ᠪᠣᠶ︖ | ᠤᠴᠠᠷᠠᠵᠤ ᠮᠡᠳᠡᠬᠦ ᠡᠳ᠋ ᠬᠥᠷᠥᠩᠭᠡ ᠶᠢᠨ ᠬᠤᠬᠢᠷᠠᠯ ᠠᠴᠠ ᠬᠡᠷᠬᠢᠨ ᠵᠠᠶᠢᠯᠠᠬᠤ ᠪᠤᠢ︖ ᠡᠳᠡᠭᠡᠷ ᠤᠴᠢᠷ ᠢ ᠲᠠ | ᠮᠡᠳᠡᠵᠦ ᠠᠪᠤᠭᠠᠷᠠᠢ᠃ | | ᠲᠠᠨ ᠤ SIM ᠺᠠᠷᠲ ᠲᠠᠭᠠᠨ ᠨᠢᠭᠤᠴᠠ ᠨᠣᠮᠧᠷ ᠲᠠᠭᠠᠷᠠᠭᠤᠯᠤᠬᠰᠠᠨ ᠤᠤ︖ | | ᠮᠠᠰᠢ ᠣᠯᠠᠨ ᠬᠥᠮᠦᠰ ᠭᠠᠷ ᠤᠲᠠᠰᠤ ᠨᠡᠭᠡᠭᠡᠬᠦ ᠨᠢᠭᠤᠴᠠ ᠨᠣᠮᠧᠷ᠂ ᠲᠣᠭᠠᠴᠠᠭ᠎ᠠ ᠬᠢᠬᠦ ᠨᠢᠭᠤᠴᠠ ᠨᠣᠮᠧᠷ | ᠲᠠᠭᠠᠷᠠᠭᠤᠯᠬᠤ ᠳᠠᠳᠬᠠᠯ ᠲᠠᠢ ᠪᠠᠶᠢᠳᠠᠭ᠃ ᠭᠡᠪᠡᠴᠦ ᠲᠠ ᠥᠪᠡᠷ ᠤᠨ SIM ᠺᠠᠷᠲ ᠲᠠᠭᠠᠨ ᠨᠢᠭᠤᠴᠠ ᠨᠣᠮᠧᠷ | ᠲᠠᠭᠠᠷᠠᠭᠤᠯᠤᠬᠰᠠᠨ ᠤᠤ︖ ᠯᠢᠦᠢ ᠮᠧᠡᠭ ᠰᠢᠨᠵᠢᠯᠡᠬᠦ ᠤᠬᠠᠭᠠᠨ ᠮᠡᠷᠭᠡᠵᠢᠯ ᠤᠨ ᠪᠦᠯᠦᠭᠯᠡᠯ ᠤᠨ ᠬᠤᠪᠢ | ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ ᠲᠢᠶᠠᠨᠵᠢᠨ ᠤ ᠮᠡᠷᠭᠡᠵᠢᠯ ᠤᠨ ᠶᠡᠷᠦᠩᠬᠡᠶ ᠬᠢᠨᠠᠭᠴᠢ ᠼᠤᠤ ᠵᠢᠩ ᠵᠢᠶᠧ | ᠲᠠᠨᠢᠯᠴᠠᠭᠤᠯᠬᠤ ᠳᠠᠭᠠᠨ᠂ ᠵᠥᠪᠬᠡᠨ ᠭᠠᠷ ᠤᠲᠠᠰᠤᠨ ᠳᠠᠭᠠᠨ ᠨᠢᠭᠤᠴᠠ ᠨᠣᠮᠧᠷ ᠲᠠᠭᠠᠷᠠᠭᠤᠯᠵᠤ᠂ SIM | ᠺᠠᠷᠲ ᠲᠠᠭᠠᠨ ᠨᠢᠭᠤᠴᠠ ᠨᠣᠮᠧᠷ ᠲᠠᠭᠠᠷᠠᠭᠤᠯᠬᠤ ᠶᠢ ᠤᠮᠳᠤᠭᠠᠶᠢᠯᠠᠬᠤ ᠳᠤ ᠬᠦᠷᠪᠡᠯ ᠡᠳ᠋ ᠬᠥᠷᠥᠩᠭᠡ ᠶᠢᠨ | ᠬᠤᠬᠢᠷᠠᠯ ᠳᠤ ᠤᠴᠠᠷᠠᠵᠤ ᠮᠡᠳᠡᠨ᠎ᠡ ᠬᠡᠵᠦ ᠬᠡᠯᠡᠪᠡ᠃ | ᠼᠤᠤ ᠵᠢᠩ ᠵᠢᠶᠧ᠄ ᠬᠤᠪᠢ ᠬᠥᠮᠦᠨ ᠤ ᠮᠡᠳᠡᠭᠡ ᠵᠠᠩᠭᠢ ᠨᠢ ᠶᠡᠷᠦ ᠳᠡᠭᠡᠨ ᠭᠠᠷ ᠤᠲᠠᠰᠤᠨ ᠤ ᠨᠣᠮᠧᠷ ᠲᠠᠢ | ᠨᠢᠭᠲᠠ ᠬᠤᠯᠪᠣᠭ᠎ᠠ ᠲᠠᠢ ᠪᠠᠶᠢᠵᠤ᠂ ᠴᠥᠭᠡᠨ ᠪᠤᠰᠤ App ᠲᠠᠩᠰᠠᠨ ᠨᠣᠮᠧᠷ ᠢ ᠪᠤᠯ ᠴᠥᠮ ᠰᠢᠯᠭᠠᠨ ᠪᠠᠲᠤᠯᠠᠬᠤ | ᠺᠣᠳ᠋ ᠢᠶᠠᠷ ᠳᠠᠮᠵᠢᠭᠤᠯᠤᠨ ᠨᠢᠭᠤᠴᠠ ᠨᠣᠮᠧᠷ ᠢ ᠨᠢ ᠡᠷᠢᠵᠦ ᠤᠯᠳᠠᠭ ᠪᠤᠶᠤ ᠦᠭᠡᠷᠡᠴᠢᠯᠡᠵᠦ ᠪᠣᠯᠳᠠᠭ᠃ ᠵᠠᠷᠢᠮ | ᠬᠠᠤᠯᠢ ᠪᠤᠰᠤ ᠡᠲᠡᠭᠡᠳ ᠶᠠᠭ ᠡᠨᠡᠬᠦ ᠳᠤᠲᠠᠭᠳᠠᠯ ᠢ ᠠᠰᠢᠭᠯᠠᠨ᠂ ᠭᠠᠷ ᠤᠲᠠᠰᠤ ᠣᠯᠵᠤ ᠠᠪᠤᠭᠰᠠᠨ ᠤ ᠳᠠᠷᠠᠭ᠎ᠠ | SIM ᠺᠠᠷᠲ ᠢ ᠨᠢ ᠭᠠᠷᠭᠠᠵᠤ ᠠᠪᠤᠭᠠᠳ᠂ ᠴᠢᠨᠦ ᠡᠳ᠋ ᠬᠥᠷᠥᠩᠭᠡ ᠶᠢᠨ ᠠᠮᠤᠷ ᠲᠦᠪᠰᠢᠨ ᠢ ᠰᠦᠷᠳᠡᠭᠦᠯᠵᠦ | ᠪᠠᠶᠢᠳᠠᠭ᠃ ︽ᠬᠡᠳᠦ᠋ᠢᠪᠡᠷ ᠭᠠᠷ ᠤᠲᠠᠰᠤ ᠶᠢ ᠴᠢᠨᠢ ᠨᠡᠭᠡᠭᠡᠵᠦ ᠲᠡᠶᠢᠯᠬᠦ ᠦᠭᠡᠢ ᠪᠣᠯᠪᠠᠴᠤ SIM ᠺᠠᠷᠲ ᠢᠶᠠᠷ ᠴᠢᠨᠢ | ᠳᠠᠮᠵᠢᠭᠤᠯᠤᠨ ᠴᠢᠨᠦ ᠵᠤᠭᠤᠰ ᠢ ᠬᠤᠯᠠᠭᠠᠶᠢᠯᠠᠨ ᠠᠪᠴᠤ ᠪᠣᠯᠳᠠᠭ︾ ᠬᠡᠵᠦ ᠬᠡᠯᠡᠵᠡᠢ᠃ | | ᠲᠠ ᠬᠤᠤᠷᠳᠤ ᠰᠠᠨᠠᠭ᠎ᠠ ᠪᠠᠷ ᠭᠠᠷᠭᠠᠬᠰᠠᠨ ᠬᠤᠶᠠᠷ ᠬᠡᠮᠵᠢᠯᠳᠦ ᠺᠣᠳ᠋ ᠢ ᠰᠢᠷᠪᠢᠵᠦ ᠥᠩᠭᠡᠷᠡᠭᠰᠡᠨ ᠤᠤ︖ | | ᠡᠯᠧᠺᠲᠷᠣᠨ ᠢᠶᠠᠷ ᠲᠤᠭᠠᠴᠠᠭ᠎ᠠ ᠬᠢᠬᠦ ᠶᠠᠪᠤᠳᠠᠯ ᠬᠥᠭᠵᠢᠬᠦ ᠶᠢ ᠳᠠᠭᠠᠯᠳᠤᠨ᠂ ᠪᠡᠯᠡᠨ ᠵᠣᠭᠤᠰ ᠢᠶᠠᠷ ᠲᠤᠭᠠᠴᠠᠭ᠎ᠠ | ᠬᠢᠬᠦ ᠦᠭᠡᠢ ᠪᠤᠯᠤᠬᠰᠠᠨ ᠨᠢ ᠨᠢᠭᠡᠨᠲᠡ ᠬᠥᠮᠦᠨ ᠨᠢᠭᠡᠪᠦᠷᠢ ᠶᠢᠨ ᠠᠮᠢᠳᠤᠷᠠᠯ ᠳᠤ ᠭᠦᠨᠵᠡᠭᠡᠶᠢᠷᠡᠵᠠᠢ᠂ ᠬᠡᠪᠡᠴᠤ ᠵᠠᠷᠢᠮ | ᠬᠠᠤᠯᠢ ᠪᠤᠰᠤ ᠡᠲᠡᠭᠡᠳ ᠮᠣᠳᠣᠨ ᠮᠣᠷᠢᠨ ᠤ ᠸᠢᠷᠦ᠋ᠰ᠂ ᠵᠢᠭᠠᠰᠤ ᠭᠥᠬᠢᠳᠡᠬᠦ ᠵᠥᠭᠡᠯᠡᠨ ᠲᠣᠨᠤᠭ ᠢ ᠬᠤᠶᠠᠷ ᠬᠡᠮᠵᠢᠯᠳᠦ | ᠺᠣᠳ᠋ ᠲᠤ ᠵᠠᠯᠭᠠᠵᠤ ᠤᠷᠤᠭᠤᠯᠤᠨ ᠬᠥᠮᠦᠰ ᠤᠨ ᠮᠡᠳᠡᠭᠡ ᠵᠠᠩᠭᠢ ᠶᠢᠨ ᠠᠮᠤᠷ ᠲᠦᠪᠰᠢᠨ ᠢ ᠰᠦᠷᠳᠡᠭᠦᠯᠵᠦ ᠪᠠᠶᠢᠨ᠎ᠠ᠃ | ᠴᠢ ᠠᠨ ᠰᠢᠨ ᠰᠢᠨᠵᠢᠯᠡᠬᠦ ᠤᠬᠠᠭᠠᠨ ᠮᠡᠷᠭᠡᠵᠢᠯ ᠤᠨ ᠪᠦᠯᠦᠭᠯᠡᠯ ᠤᠨ ᠲᠢᠶᠠᠨᠵᠢᠨ ᠤ ᠮᠡᠷᠭᠡᠵᠢᠯ ᠤᠨ ᠶᠡᠷᠦᠩᠬᠡᠶ | ᠬᠢᠨᠠᠭᠴᠢ ᠼᠦᠢ ᠽᠦᠩ ᠹᠦ᠋ ᠲᠠᠨᠢᠯᠴᠠᠭᠤᠯᠬᠤ ᠳᠠᠭᠠᠨ᠂ ᠣᠳᠣᠬᠠᠨ ᠳᠤ ᠬᠤᠤᠷᠳᠤ ᠰᠠᠨᠠᠭ᠎ᠠ ᠪᠠᠷ ᠭᠠᠷᠭᠠᠬᠰᠠᠨ | ᠬᠤᠶᠠᠷ ᠬᠡᠮᠵᠢᠯᠳᠦ ᠺᠣᠳ᠋ ᠨᠢ ᠭᠤᠤᠯᠳᠠᠭᠤ ᠮᠡᠳᠡᠭᠡ ᠵᠠᠩᠭᠢ ᠵᠠᠳᠠᠷᠠᠭᠤᠯᠬᠤ᠂ ᠪᠡᠶ᠎ᠡ ᠰᠡᠳᠬᠢᠯ ᠪᠠ ᠡᠳ᠋ | ᠬᠥᠷᠥᠩᠭᠡ ᠶᠢᠨ ᠬᠤᠬᠢᠷᠠᠯ ᠤᠴᠠᠷᠠᠭᠤᠯᠬᠤ᠂ ᠮᠣᠳᠣᠨ ᠮᠣᠷᠢᠨ ᠤ ᠸᠢᠷᠦ᠋ᠰ ᠲᠠᠷᠬᠠᠭᠠᠬᠤ ᠵᠡᠷᠭᠡ ᠲᠠᠯ᠎ᠠ ᠶᠢᠨ ᠠᠶᠤᠯ | ᠲᠦᠭᠰᠢᠭᠦᠷᠢ ᠶᠢ ᠠᠪᠴᠢᠷᠠᠵᠤ ᠮᠡᠳᠡᠨ᠎ᠡ ᠬᠡᠵᠦ ᠬᠡᠯᠡᠪᠡ᠃ | ᠡᠭᠦᠨ ᠤ ᠲᠤᠬᠠᠢ ᠲᠡᠷᠡ ᠰᠠᠨᠠᠭᠤᠯᠤᠨ ᠬᠡᠯᠡᠬᠦ ᠳᠡᠭᠡᠨ᠂ ᠢᠷᠡᠯᠲᠡ ᠨᠢ ᠲᠣᠳᠣᠷᠬᠠᠶ ᠦᠭᠡᠢ ᠬᠤᠶᠠᠷ ᠬᠡᠮᠵᠢᠯᠳᠦ | ᠺᠣᠳ᠋ ᠢ ᠳᠤᠷ᠎ᠠ ᠪᠠᠷ ᠢᠶᠠᠨ ᠰᠢᠷᠪᠢᠵᠦ ᠪᠣᠯᠬᠤ ᠦᠭᠡᠢ᠂ ᠺᠣᠳ᠋ ᠰᠢᠷᠪᠢᠭᠰᠡᠨ ᠤ ᠳᠠᠷᠠᠭ᠎ᠠ ᠬᠠᠮᠢᠶ᠎ᠠ ᠪᠦᠬᠦᠢ ᠮᠡᠳᠡᠭᠡ | ᠵᠠᠩᠭᠢ ᠶᠢ ᠨᠠᠷᠢᠨ ᠬᠢᠨᠠᠮᠠᠭᠠᠶ ᠬᠠᠷᠭᠤᠭᠤᠯᠵᠤ ᠦᠵᠡᠬᠦ ᠬᠡᠷᠡᠭᠳᠡᠢ᠂ ᠪᠠᠰᠠ ᠨᠡᠷ᠎ᠡ ᠠᠯᠳᠠᠷ ᠢᠶᠠᠷ ᠦᠨᠳᠦᠷ᠂ ᠠᠮᠤᠷ | ᠲᠦᠪᠰᠢᠨ ᠢᠶᠠᠷ ᠴᠢᠩᠭ᠎ᠠ ᠠᠮᠤᠷ ᠲᠦᠪᠰᠢᠨ ᠤ ᠵᠥᠭᠡᠯᠡᠨ ᠲᠤᠨᠤᠭ ᠤᠳ ᠢ ᠪᠠᠭᠤᠯᠭᠠᠨ ᠠᠪᠴᠤ ᠠᠶᠤᠯ | ᠲᠦᠭᠰᠢᠭᠦᠷᠢ ᠠᠴᠠ ᠵᠠᠶᠢᠯᠠᠵᠤ ᠪᠣᠯᠤᠨ᠎ᠠ ᠬᠡᠪᠠ᠃ ︽ᠠᠮᠤᠷ ᠲᠦᠪᠰᠢᠨ ᠤ ᠤᠬᠠᠮᠰᠠᠷ ᠢᠶᠠᠨ ᠴᠢᠩᠭᠠᠳᠬᠠᠵᠤ᠂ | ᠢᠷᠡᠯᠲᠡ ᠨᠢ ᠲᠣᠳᠣᠷᠬᠠᠶ ᠥᠬᠡᠶ ᠬᠤᠶᠠᠷ ᠬᠡᠮᠵᠢᠯᠳᠦ ᠺᠣᠳ᠋ ᠲᠤ ᠢᠯᠡᠭᠦᠭᠡᠨ ᠰᠡᠷᠡᠮᠵᠢ ᠲᠠᠢ ᠪᠠᠶᠢᠵᠤ᠂ ᠬᠠᠤᠯᠢ ᠪᠤᠰᠤ | ᠡᠲᠡᠭᠡᠳ ᠲᠤ ᠵᠠᠪᠰᠢᠬᠤ ᠲᠤᠬᠢᠶᠠᠯ ᠥᠭᠴᠦ ᠪᠣᠯᠬᠤ ᠥᠬᠡᠶ︾ ᠬᠡᠵᠦ ᠼᠦᠢ ᠽᠦᠩ ᠹᠦ᠋ ᠬᠡᠯᠡᠵᠠᠢ᠃ | ᠣᠯᠠᠨ ᠨᠡᠶᠢᠲᠡ ᠶᠢᠨ ᠲᠠᠯᠠᠪᠤᠷ ᠲᠠᠬᠢ ᠰᠦᠢᠳᠬᠡᠯ ᠬᠤᠷᠢᠶᠠᠬᠤ ᠦᠭᠡᠢ WiFi ᠶᠢ ᠬᠤᠯᠪᠤᠨ ᠵᠠᠯᠭᠠᠬᠤ ᠲᠤᠷᠠᠳᠠᠢ | ᠪᠠᠶᠢᠳᠠᠭ ᠤᠤ︖ ︽ᠭᠥᠬᠢᠳᠡᠭᠳᠡᠬᠦ︾ ᠠᠴᠠ ᠬᠢᠴᠢᠶᠡᠭᠡᠷᠡᠢ︕ | ᠨᠢᠭᠡ ᠴᠣᠮᠣ ᠺᠤᠹᠧ ᠠᠪᠤᠭᠠᠳ᠂ ᠺᠤᠹᠧ ᠶᠢᠨ ᠮᠤᠬᠤᠯᠠᠭ ᠤᠨ ᠰᠦᠢᠳᠬᠡᠯ ᠬᠤᠷᠢᠶᠠᠬᠤ ᠦᠭᠡᠶ WiFi ᠶᠢ | ᠬᠤᠯᠪᠤᠨ ᠵᠠᠯᠭᠠᠵᠦ ᠵᠦᠴᠦᠭᠡ ᠦᠵᠡᠵᠦ ᠰᠠᠭᠤᠳᠠᠭ ᠨᠢ ᠴᠥᠭᠡᠨ ᠪᠤᠰᠤ ᠵᠠᠯᠠᠭᠤᠴᠤᠳ ᠤᠨ ᠠᠵᠢᠯ ᠤᠨ | ᠴᠢᠯᠥᠭᠡᠨ ᠳᠡᠭᠡᠨ ᠰᠡᠳᠬᠢᠯ ᠰᠠᠨᠠᠭ᠎ᠠ ᠪᠠᠨ ᠠᠮᠠᠷᠠᠭᠤᠯᠵᠦ ᠶᠠᠳᠠᠷᠠᠭ᠎ᠠ ᠴᠢᠯᠡᠭᠡ ᠪᠠᠨ ᠲᠠᠶᠢᠯᠬᠤ ᠠᠷᠭ᠎ᠠ ᠬᠡᠯᠪᠡᠷᠢ ᠪᠤᠯᠵᠠᠢ᠃ | ᠱᠧᠨ ᠰᠢᠨ ᠹᠦ᠋ ᠰᠢᠨᠵᠢᠯᠡᠬᠦ ᠤᠬᠠᠭᠠᠨ ᠮᠡᠷᠭᠡᠵᠢᠯ ᠤᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ | ᠲᠢᠶᠠᠨᠵᠢᠨ ᠲᠤᠭᠤᠷᠢᠭ ᠤᠨ ᠦᠢᠯᠡᠳᠬᠦᠨ ᠤ ᠲᠤᠰᠬᠠᠶ ᠮᠡᠷᠭᠡᠵᠢᠯᠲᠡᠨ ᠵᠢᠩ ᠢᠦᠶ ᠴᠢᠩ ᠰᠠᠨᠠᠭᠤᠯᠤᠨ ᠬᠡᠯᠡᠬᠦ ᠳᠡᠭᠡᠨ᠂ | ᠣᠯᠠᠨ ᠨᠡᠶᠢᠲᠡ ᠶᠢᠨ ᠲᠠᠯᠠᠪᠤᠷ ᠲᠠᠬᠢ ︽ᠵᠢᠭᠠᠰᠤ ᠭᠥᠬᠢᠳᠡᠬᠦ WiFi︾ ᠠᠴᠠ ᠰᠡᠷᠡᠮᠵᠢᠯᠡᠬᠦ ᠬᠡᠷᠡᠭᠲᠡᠶ ᠭᠡᠪᠡ᠃ | ᠵᠢᠩ ᠢᠦᠶ ᠴᠢᠩ᠄ ︽ᠣᠯᠠᠨ ᠨᠡᠶᠢᠲᠡ ᠶᠢᠨ ᠲᠠᠯᠠᠪᠤᠷ ᠲᠤ ᠨᠡᠭᠡᠭᠡᠯᠳᠡ ᠲᠠᠢ ᠪᠠᠷ ᠬᠡᠷᠡᠭᠯᠡᠬᠦ WiFi ᠨᠢᠭᠡ ᠪᠠᠷ | ᠵᠤᠬᠰᠤᠬᠤ ᠦᠭᠡᠢ ᠤᠯᠠᠨ ᠪᠠᠶᠢᠳᠠᠭ᠂ ᠵᠠᠷᠢᠮ ᠬᠠᠤᠯᠢ ᠪᠤᠰᠤ ᠡᠲᠡᠭᠡᠳ ᠰᠢᠯᠵᠢᠮᠡᠯ ᠰᠠᠭᠤᠷᠢ ᠥᠷᠲᠡᠭᠡ ᠪᠠᠶᠢᠭᠤᠯᠬᠤ | ᠠᠷᠭ᠎ᠠ ᠪᠠᠷ ᠣᠯᠠᠨ ᠬᠦᠮᠦᠰ ᠢ ᠬᠦᠳᠦᠯᠦᠨ ᠲᠠᠭᠠᠭᠤᠯᠵᠤ ᠵᠠᠯᠭᠠᠭᠤᠯᠳᠠᠭ ᠪᠠᠶᠢᠨ᠎ᠠ᠂ ᠲᠡᠭᠡᠭᠦ ᠪᠠᠷ ᠴᠢᠨᠦ ᠨᠡᠶᠢᠲᠡᠯᠡᠭᠰᠡᠨ | ᠮᠡᠳᠡᠭᠡ ᠵᠠᠩᠭᠢ᠂ ᠰᠦᠯᠵᠢᠶᠡᠨ ᠥᠷᠲᠡᠭᠡ ᠶᠢ ᠰᠤᠷᠪᠤᠯᠵᠢᠯᠠᠭᠰᠠᠨ ᠲᠡᠮᠳᠡᠭᠯᠡᠯ᠂ ᠴᠢᠨᠠᠭᠰᠢᠯᠠᠪᠠᠯ ᠰᠦᠯᠵᠢᠶ᠎ᠡ ᠳᠤ | ᠭᠠᠷᠬᠤ ᠨᠢᠭᠤᠴᠠ ᠨᠣᠮᠧᠷ ᠢ ᠴᠢᠨᠢ ᠴᠥᠮ ᠬᠠᠤᠯᠢ ᠪᠤᠰᠤ ᠡᠲᠡᠭᠡᠳ ᠬᠤᠯᠠᠭᠠᠶᠢᠯᠠᠨ ᠠᠪᠴᠤ ᠮᠡᠳᠡᠨ᠎ᠡ᠃ ᠡᠭᠦᠨ ᠠᠴᠠ | ᠭᠠᠳᠠᠨ᠎ᠠ᠂ ᠵᠠᠷᠢᠮ ᠬᠤᠤᠷᠳᠤ ᠰᠠᠨᠠᠭ᠎ᠠ ᠪᠠᠷ ᠭᠠᠷᠭᠠᠬᠰᠠᠨ ᠵᠥᠭᠡᠯᠡᠨ ᠲᠣᠨᠤᠭ ᠨᠢ ᠰᠦᠯᠵᠢᠶ᠎ᠡ ᠳᠤ ᠬᠤᠯᠪᠣᠭᠳᠠᠨ | ᠣᠷᠣᠬᠤ ᠲᠠᠢ ᠵᠡᠷᠭᠡᠪᠡᠷ ᠬᠡᠷᠡᠭᠯᠡᠭᠴᠢᠳ ᠤᠨ ᠬᠠᠶ᠋ᠢᠭ ᠤᠨ ᠲᠤᠪᠶᠤᠭ᠂ ᠭᠡᠷᠡᠯ ᠵᠢᠷᠤᠭ ᠤᠨ ᠳᠡᠪᠲᠡᠷ᠂ ᠲᠤᠭᠠᠴᠠᠭ᠎ᠠ | ᠬᠢᠭᠰᠡᠨ ᠮᠡᠳᠡᠭᠡ ᠵᠠᠩᠭᠢ ᠵᠡᠷᠭᠡ ᠶᠢ ᠣᠯᠵᠤ ᠠᠪᠲᠠᠭ᠃ ᠨᠡᠶᠢᠲᠡ ᠶᠢᠨ ᠲᠠᠯᠠᠪᠤᠷ ᠲᠠᠬᠢ WiFi ᠶᠢ ᠬᠤᠯᠪᠤᠨ | ᠵᠠᠯᠭᠠᠬᠤ ᠦᠶᠡᠰ ᠵᠠᠪᠠᠯ ᠬᠢᠴᠢᠶᠡᠬᠦ ᠬᠡᠷᠡᠭᠲᠡᠶ︾ ᠬᠡᠵᠦ ᠬᠡᠯᠡᠵᠡᠢ᠃ | | ᠲᠠᠨ ᠤ ᠨᠢᠭᠤᠴᠠ ᠨᠣᠮᠧᠷ ᠴᠢᠨᠢ ᠠᠮᠤᠷ ᠲᠦᠪᠰᠢᠨ ᠤᠤ︖ | | ︽ ᠪᠦᠬᠦ ᠶᠠᠭᠤᠮᠠᠨ ᠳᠡᠭᠡᠨ ᠨᠢᠭᠡ ᠯᠡ ᠨᠢᠭᠤᠴᠠ ᠨᠣᠮᠧᠷ ᠢ ᠬᠡᠷᠡᠭᠯᠡᠳᠡᠭ︾ ᠨᠢ ᠮᠠᠰᠢ ᠣᠯᠠᠨ ᠬᠥᠮᠦᠨ ᠤ ᠵᠠᠩ | ᠳᠠᠳᠬᠠᠯ ᠪᠣᠯᠤᠨ᠎ᠠ᠂ ᠭᠡᠬᠦ ᠳᠡᠭᠡᠨ ᠢᠡᠭᠭᠢᠵᠦ ᠨᠢᠭᠤᠴᠠ ᠨᠣᠮᠧᠷ ᠲᠠᠭᠠᠷᠠᠭᠤᠯᠬᠤ ᠠᠷᠭ᠎ᠠ ᠮᠠᠶ᠋ᠢᠭ ᠨᠢ ᠳᠥᠭᠦᠮ᠂ | ᠴᠡᠭᠡᠵᠢᠯᠡᠬᠦ ᠳᠤ ᠠᠮᠠᠷᠬᠠᠨ ᠪᠤᠯᠪᠠᠴᠤ ᠬᠤᠪᠢ ᠬᠥᠮᠦᠨ ᠤ ᠮᠡᠳᠡᠭᠡ ᠵᠠᠩᠭᠢ ᠵᠠᠳᠠᠷᠠᠬᠤ ᠠᠶᠤᠯ ᠲᠦᠭᠰᠢᠭᠦᠷᠢ ᠶᠢ | ᠨᠡᠮᠡᠭᠳᠡᠭᠦᠯᠦᠭᠰᠡᠨ ᠪᠠᠶᠢᠨ᠎ᠠ᠃ ᠼᠦᠢ ᠽᠦᠩ ᠹᠦ᠋ ᠲᠠᠨᠢᠯᠴᠠᠭᠤᠯᠬᠤ ᠳᠠᠭᠠᠨ᠂ ᠡᠩ ᠤᠨ ᠪᠠᠶᠢᠳᠠᠯ ᠲᠤᠤᠷ᠎ᠠ ᠬᠠᠤᠯᠢ | ᠪᠤᠰᠤ ᠡᠲᠡᠭᠡᠳ ᠳᠥᠷᠪᠡᠨ ᠵᠦᠢᠯ ᠤᠨ ᠠᠷᠭ᠎ᠠ ᠮᠠᠶ᠋ᠢᠭ ᠢᠶᠠᠷ ᠬᠡᠷᠡᠭᠯᠡᠭᠴᠢ ᠶᠢᠨ ᠨᠢᠭᠤᠴᠠ ᠨᠣᠮᠧᠷ ᠢ ᠡᠪᠳᠡᠬᠦ ᠪᠠᠷ | ᠲᠤᠷᠰᠢᠵᠦ ᠪᠠᠶᠢᠳᠠᠭ᠂ ᠨᠢᠭᠡ ᠳᠤ ᠬᠦᠴᠦᠷᠬᠡᠭᠯᠡᠯ ᠤᠨ ᠠᠷᠭ᠎ᠠ ᠪᠠᠷ ᠡᠪᠳᠡᠳᠡᠭ᠃ ᠲᠤᠬᠠᠶᠢᠯᠠᠪᠠᠯ ᠵᠣᠬᠢᠬᠤ | ᠳᠠᠪᠲᠠᠮᠵᠢ ᠪᠠᠷ ᠨᠢᠭᠤᠴᠠ ᠨᠣᠮᠧᠷ ᠢ ᠡᠪᠳᠡᠬᠦ ᠪᠠᠷ ᠲᠤᠷᠰᠢᠵᠦ ᠪᠠᠶᠢᠳᠠᠭ᠃ ᠬᠤᠶᠠᠷ ᠲᠤ᠂ ᠬᠡᠷᠡᠭᠯᠡᠭᠴᠢ ᠶᠢᠨ | ᠲᠥᠷᠥᠭᠰᠡᠨ ᠡᠳᠦᠷ ᠵᠡᠷᠭᠡ ᠬᠤᠪᠢ ᠬᠥᠮᠦᠨ ᠤ ᠮᠡᠳᠡᠭᠡ ᠵᠠᠩᠭᠢ ᠪᠠᠷ ᠨᠢᠭᠤᠴᠠ ᠨᠣᠮᠧᠷ ᠢ ᠡᠪᠳᠡᠬᠦ ᠪᠠᠷ ᠲᠤᠷᠰᠢᠵᠦ | ᠪᠠᠶᠢᠳᠠᠭ᠃ ᠭᠤᠷᠪᠠ ᠳᠤ ᠰᠤᠯᠠᠬᠠᠠ ᠠᠮᠠᠨ ᠳᠣᠬᠢᠶ᠎ᠠ ᠪᠠᠷ ᠨᠢᠭᠤᠴᠠ ᠨᠣᠮᠧᠷ ᠢ ᠡᠪᠳᠡᠬᠦ ᠪᠠᠷ ᠲᠤᠷᠰᠢᠵᠦ ᠪᠠᠶᠢᠳᠠᠭ᠃ | ᠳᠥᠷᠪᠡ ᠳᠤ ᠨᠢᠭᠡᠨᠲᠡ ᠣᠯᠤᠭᠰᠠᠨ ᠬᠡᠷᠡᠭᠯᠡᠭᠴᠢ ᠶᠢᠨ ᠨᠢᠭᠤᠴᠠ ᠨᠣᠮᠧᠷ ᠢ ᠦᠨᠳᠦᠰᠦᠯᠡᠨ ᠪᠤᠰᠤᠳ ᠲᠠᠪᠴᠠᠩ | ᠳᠡᠭᠡᠷ᠎ᠡ ︽ᠬᠥᠮᠥᠷᠭᠡ ᠮᠥᠷᠭᠦᠬᠦ︾ ᠠᠵᠢᠯᠯᠠᠭ᠎ᠠ ᠬᠢᠳᠡᠭ ᠬᠡᠵᠦ ᠬᠡᠯᠡᠪᠡ᠃ | ᠨᠢᠭᠤᠴᠠ ᠨᠣᠮᠧᠷ ᠲᠠᠭᠠᠷᠠᠭᠤᠯᠬᠤ ᠠᠮᠤᠷ ᠲᠦᠪᠰᠢᠨ ᠢ ᠬᠡᠷᠬᠢᠨ ᠪᠠᠲᠤᠯᠠᠬᠤ ᠪᠣᠶ︖ ᠼᠦᠢ ᠽᠦᠩ ᠹᠦ᠋ | ᠰᠠᠨᠠᠭᠤᠯᠬᠤ ᠳᠠᠭᠠᠨ᠂ ᠲᠧᠺᠰᠲ ᠲᠡᠭᠡᠷ᠎ᠡ ᠨᠢᠭᠤᠴᠠ ᠨᠣᠮᠧᠷ ᠢᠶᠠᠨ ᠬᠠᠳᠠᠭᠠᠯᠠᠵᠤ ᠪᠣᠯᠬᠤ ᠦᠭᠡᠢ᠃ ᠨᠢᠭᠤᠴᠠ ᠨᠣᠮᠧᠷ | ᠲᠠᠭᠠᠷᠠᠭᠤᠯᠬᠤ ᠳᠠᠭᠠᠨ ᠠᠯᠢ ᠴᠢᠳᠠᠬᠤ ᠪᠠᠷ ᠴᠠᠭᠠᠨ ᠲᠣᠯᠣᠭᠠᠶ᠂ ᠲᠤᠭ᠎ᠠ ᠪᠣᠯᠤᠨ ᠣᠨᠴᠠᠭᠠᠶ ᠲᠡᠮᠳᠡᠭᠲᠦ ᠶᠢ | ᠪᠠᠭᠲᠠᠭᠠᠭᠰᠠᠨ 15 ᠣᠷᠣᠨ ᠠᠴᠠ ᠳᠡᠭᠡᠭᠰᠢ ︽ᠪᠠᠳᠤ ᠨᠢᠭᠤᠴᠠ ᠨᠣᠮᠧᠷ︾ ᠲᠠᠭᠠᠷᠠᠭᠤᠯᠬᠤ ᠶᠢᠨ ᠬᠠᠮᠲᠤ ᠲᠣᠭᠲᠠᠮᠠᠯ | ᠬᠤᠭᠤᠴᠠᠭ᠎ᠠ ᠲᠠᠢ ᠪᠠᠷ ᠨᠢᠭᠤᠴᠠ ᠨᠣᠮᠧᠷ ᠲᠠᠬᠢᠵᠦ ᠲᠠᠭᠠᠷᠠᠭᠤᠯᠬᠤ ᠬᠡᠷᠡᠭᠲᠡᠶ᠃ ︽ᠴᠢᠳᠠᠬᠤ ᠶᠢᠨ ᠲᠤᠳᠤᠷ᠎ᠠ | ᠥᠪᠡᠷ ᠤᠨ ᠲᠥᠷᠥᠭᠰᠡᠨ ᠡᠳᠦᠷ᠂ ᠣᠪᠣᠭ ᠨᠡᠷ᠎ᠡ ᠪᠠᠷ ᠢᠶᠠᠨ ᠳᠠᠩᠰᠠᠨ ᠤ ᠪᠠᠨ ᠨᠢᠭᠤᠴᠠ ᠨᠣᠮᠧᠷ ᠪᠣᠯᠭᠠᠵᠤ ᠪᠣᠯᠬᠤ | ᠦᠭᠡᠢ︾ ᠭᠡᠵᠦ ᠬᠡᠯᠡᠵᠡᠢ᠃ | | ︽ᠬᠠᠺᠧᠷ︾ ᠲᠠ ᠪᠢᠳᠡᠨ ᠤ ᠬᠠᠵᠠᠭᠤ ᠳᠤ ᠪᠠᠶᠢᠵᠤ ᠮᠡᠳᠡᠨ᠎ᠡ | | ︽ᠤᠷᠢᠳᠤᠬᠢ ᠶᠢ ᠪᠤᠳᠤᠪᠠᠯ᠂ ᠣᠳᠣᠬᠠᠨ ᠤ ︿ᠬᠠᠺᠧᠷ﹀ ᠬᠡᠳᠡᠭ ᠤᠨ ᠠᠶ ᠳᠤ ᠨᠠᠩ ᠶᠡᠭᠡ ᠬᠦᠷᠢᠶ᠎ᠡ ᠬᠡᠪᠴᠢᠶ᠎ᠡ | ᠪᠠᠭᠳᠠᠵᠤ᠂ ᠮᠡᠳᠡᠭᠡ ᠵᠠᠩᠭᠢ ᠤᠯᠬᠤ ᠠᠷᠭ᠎ᠠ ᠵᠠᠮ ᠨᠢ ᠴᠤ ᠨᠠᠩ ᠥᠷᠭᠡᠨ ᠪᠣᠯᠵᠠᠶ︾ ᠬᠡᠵᠦ ᠼᠤᠤ ᠵᠢᠩ ᠵᠢᠶᠧ | ᠲᠠᠨᠢᠯᠴᠠᠭᠤᠯᠤᠨ ᠬᠡᠯᠡᠭᠰᠡᠨ ᠢᠶᠠᠨ ᠵᠠᠯᠭᠠᠭᠠᠳ᠂ ᠪᠢᠳᠡᠨ ᠤ ᠰᠦᠯᠵᠢᠶᠡᠨ ᠳᠡᠭᠡᠷ᠎ᠡ ᠠᠴᠠ ᠶᠠᠭᠤᠮ᠎ᠠ ᠬᠤᠳᠠᠯᠳᠤᠨ | ᠠᠪᠬᠤ ᠳᠠᠭᠠᠨ ᠲᠠᠭᠯᠠᠭᠰᠠᠨ ᠨᠡᠷ᠎ᠡ᠂ ᠬᠠᠶ᠋ᠢᠭ᠂ ᠸᠢᠴᠠᠲ ᠤᠨ ᠨᠠᠶᠢᠵᠠ ᠶᠢᠨ ᠲᠣᠭᠤᠷᠢᠭ ᠤᠨ ᠪᠠᠶᠢᠷᠢ ᠲᠣᠭᠲᠠᠭᠠᠯᠲᠠ | ᠵᠡᠷᠭᠡ ᠨᠢ ᠴᠥᠮ ᠰᠠᠨᠠᠭᠠᠨ ᠳᠤ ᠥᠬᠡᠶ ᠪᠠᠷ ᠬᠤᠪᠢ ᠬᠦᠮᠦᠨ ᠤ ᠨᠢᠭᠤᠴᠠ ᠶᠢᠨ ᠮᠡᠳᠡᠭᠡ ᠵᠠᠩᠭᠢ ᠶᠢ ᠵᠠᠳᠠᠷᠠᠭᠤᠯᠵᠤ | ᠮᠡᠳᠡᠨ᠎ᠡ ᠬᠡᠵᠦ ᠬᠡᠯᠡᠪᠡ᠃ | ᠼᠤᠤ ᠵᠢᠩ ᠵᠢᠶᠧ ᠬᠡᠯᠡᠬᠦ ᠳᠡᠭᠡᠨ᠂ ᠣᠳᠣᠬᠠᠨ ᠳᠤ ᠬᠡᠷᠡᠭᠯᠡᠭᠴᠢ ᠶᠢᠨ ᠬᠤᠪᠢ ᠬᠥᠮᠦᠨ ᠤ ᠮᠡᠳᠡᠭᠡ ᠵᠠᠩᠭᠢ ᠶᠢ | ᠬᠤᠳᠠᠯᠳᠤᠭᠠᠯᠠᠬᠤ ᠦᠵᠡᠭᠳᠡᠯ ᠪᠠᠶᠢᠨ ᠲᠠᠬᠢᠨ ᠭᠠᠷᠴᠤ᠂ ᠬᠤᠭ ᠨᠣᠪᠰᠢ ᠪᠦᠬᠦᠢ ᠣᠬᠤᠷ ᠮᠡᠳᠡᠭᠡ ᠵᠠᠩᠭᠢ ᠨᠢ ᠴᠦ | ᠬᠥᠮᠦᠰ ᠢ ᠳᠤᠷ᠎ᠠ ᠦᠭᠡᠶᠢᠴᠡᠭᠦᠯᠵᠦ ᠪᠠᠶᠢᠨ᠎ᠠ᠃ ᠡᠶᠢᠮᠦᠷᠬᠦ ᠠᠰᠠᠭᠤᠳᠠᠯ ᠠᠴᠠ ᠠᠯᠢ ᠴᠢᠳᠠᠬᠤ ᠪᠠᠷ ᠵᠠᠶᠢᠯᠠᠰᠬᠢᠬᠦ ᠭᠡᠪᠡᠯ | ᠂ ᠬᠥᠮᠦᠨ ᠪᠣᠯᠭᠠᠨ ᠰᠡᠷᠭᠡᠶᠢᠯᠡᠬᠦ ᠤᠬᠠᠮᠰᠠᠷ ᠢᠶᠠᠨ ᠳᠡᠭᠡᠭᠰᠢᠯᠡᠭᠦᠯᠵᠦ᠂ ᠵᠣᠬᠢᠬᠤ ᠬᠡᠮᠵᠢᠶ᠎ᠡ ᠪᠠᠷ ︽ ᠨᠠᠶᠢᠵᠠ ᠶᠢᠨ | ᠲᠤᠭᠤᠷᠢᠭ ᠲᠠᠭᠠᠨ ᠨᠠᠶᠢᠳᠠᠯᠠᠵᠤ︾᠂ ᠲᠠᠨᠢᠯ ᠪᠤᠰᠤ ᠬᠥᠮᠦᠨ ᠤ ᠬᠠᠩᠭᠠᠭᠰᠠᠨ ᠮᠡᠳᠡᠭᠡ ᠵᠠᠩᠭᠢ ᠶᠢ ᠳᠤᠷ᠎ᠠ ᠪᠠᠷ ᠢᠶᠠᠨ | ᠲᠤᠪᠴᠢᠳᠠᠵᠤ ᠪᠣᠯᠬᠤ ᠥᠬᠡᠶ᠂ ᠰᠦᠯᠵᠢᠶᠡᠨ ᠤ ᠲᠠᠪᠴᠠᠩ ᠳᠡᠭᠡᠷ᠎ᠡ ᠠᠯᠢ ᠴᠢᠳᠠᠬᠤ ᠪᠠᠷ ᠥᠪᠡᠷ ᠤᠨ ᠦᠨᠡᠨ | ᠨᠡᠷ᠎ᠡ ᠪᠠᠨ ᠬᠡᠷᠡᠭᠯᠡᠬᠦ ᠦᠭᠡᠢ ᠪᠠᠶᠢᠬᠤ ᠬᠡᠷᠡᠭᠳᠡᠢ᠃ ︽︿ᠬᠠᠺᠧᠷ﹀ ᠲᠠ ᠪᠢᠳᠡᠨ ᠤ ᠬᠠᠵᠠᠭᠤ ᠳᠤ ᠪᠠᠶᠢᠵᠤ ᠮᠡᠳᠡᠨ᠎ᠡ | ᠰᠢᠦ︾ ᠬᠡᠵᠡᠢ᠃ | | http://mongol.people.com.cn/15824467.html |