ᠵᠢᠷᠭᠠᠯ᠂ ︵1907.5.12-1941.3.19︶᠂ ᠬᠢᠲᠠᠳ ᠨᠡᠷ᠎ᠡ ᠨᠢ ᠺᠠᠩ ᠹᠦ᠋ ᠴᠧᠩ᠂ ᠬᠡᠷᠡᠭᠯᠡᠵᠦ | ᠦᠩᠭᠡᠷᠡᠭᠰᠡᠨ ᠨᠡᠷ᠎ᠡ ᠨᠢ ᠪᠠᠶᠠᠨᠪᠠᠲᠤ᠂ ᠡᠷᠡᠭᠳᠡᠢ᠂ ᠮᠤᠩᠭᠤᠯ ᠦᠨᠳᠦᠰᠦᠳᠡᠨ᠂ ᠦᠪᠦᠷ ᠮᠤᠩᠭᠤᠯ ᠤᠨ ᠲᠦᠮᠡᠳ | ᠬᠤᠰᠢᠭᠤᠨ ᠤ ᠬᠦᠮᠦᠨ᠂ ᠲᠦᠮᠡᠳ ᠬᠤᠰᠢᠭᠤᠨ ᠤ ᠪᠠᠭᠰᠢ ᠲᠤᠰᠬᠤᠨ ᠤ ᠨᠢᠭᠡ ᠲᠠᠷᠢᠶᠠᠴᠢᠨ ᠤ ᠭᠡᠷ ᠪᠥᠯᠢ ᠳᠤ | ᠲᠦᠷᠦᠵᠡᠢ᠃ | ᠵᠢᠷᠭᠠᠯ ᠪᠠᠭ᠎ᠠ ᠨᠠᠰᠤᠨ ᠳᠠᠭᠠᠨ ᠲᠦᠮᠡᠳ ᠤᠨ ᠦᠨᠳᠦᠷ ᠵᠡᠷᠭᠡ ᠶᠢᠨ ᠪᠠᠭ᠎ᠠ ᠰᠤᠷᠭᠠᠭᠤᠯᠢ ᠳᠤ ᠪᠢᠴᠢᠭ | ᠦᠵᠡᠵᠦ᠂1924 ᠤᠨ ᠳᠤ ᠪᠡᠭᠡᠵᠢᠩ ᠤᠨ ᠮᠤᠩᠭᠤᠯ ᠲᠦᠪᠡᠳ ᠰᠤᠷᠭᠠᠭᠤᠯᠢ ᠳᠤ ᠰᠢᠯᠭᠠᠵᠤ ᠤᠷᠤᠪᠠ᠃1925 | ᠣᠨ ᠳᠤ ᠲᠤᠮᠳᠠᠳᠤ ᠤᠯᠤᠰ ᠤᠨ ᠡᠪ ᠬᠠᠮᠳᠤ ᠵᠠᠯᠠᠭᠤᠴᠤᠳ ᠤᠨ ᠡᠪᠯᠡᠯ ᠳᠤ ᠤᠷᠤᠵᠤ᠂ ᠤᠳᠠᠯ ᠦᠭᠡᠢ ᠲᠤᠮᠳᠠᠳᠤ | ᠤᠯᠤᠰ ᠤᠨ ᠡᠪ ᠬᠠᠮᠳᠤ ᠨᠠᠮ ᠤᠨ ᠭᠡᠰᠢᠭᠦᠨ ᠪᠣᠯᠵᠠᠢ᠃ | 1926 ᠣᠨ ᠤ ᠡᠬᠢᠨ ᠳᠤ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠤᠮᠠᠷᠠᠳᠤ ᠤᠷᠤᠨ ᠤ ᠬᠤᠷᠢᠶ᠎ᠠ | ᠵᠢᠷᠭᠠᠯ ᠢ ᠭᠤᠸᠠᠩᠵᠸᠦ ᠶᠢᠨ ᠲᠠᠷᠢᠶᠠᠴᠢᠨ ᠤ ᠬᠦᠳᠡᠯᠭᠡᠭᠡᠨ ᠤ ᠪᠤᠯᠪᠠᠰᠤᠷᠠᠯ ᠤᠨ ᠭᠠᠵᠠᠷ ᠤᠨ ᠵᠢᠷᠭᠤᠳᠤᠭᠠᠷ | ᠬᠤᠭᠤᠴᠠᠭ᠎ᠠ ᠳᠤ ᠲᠤᠮᠢᠯᠠᠵᠤ ᠰᠤᠷᠤᠯᠴᠠᠭᠤᠯᠪᠠ᠃ ᠲᠡᠷᠡ ᠮᠠᠥ ᠽᠧ ᠳ᠋ᠦᠩ ᠨᠦᠬᠦᠷ ᠤᠨ ᠰᠤᠷᠭᠠᠯ ᠪᠠ ᠵᠸᠦ ᠡᠸ᠋ᠨ | ᠯᠠᠢ᠂ ᠫᠧᠩ ᠫᠠᠢ᠂ ᠰᠢᠶᠤᠤ ᠴᠦ᠋ ᠨᠢᠥᠢ᠂ ᠶᠦᠨ ᠳ᠋ᠠᠢ ᠶᠢᠩ᠂ ᠯᠢ ᠯᠢ ᠰᠠᠨ ᠵᠡᠷᠭᠡ ᠦᠭᠡᠶᠢᠭᠦᠦ ᠠᠩᠭᠢ ᠶᠢᠨ | ᠬᠤᠪᠢᠰᠬᠠᠯᠴᠢᠳ ᠤᠨ ᠤᠷᠤᠭᠰᠠᠨ ᠬᠢᠴᠢᠶᠡᠯ ᠤᠳ ᠢ ᠰᠣᠨᠤᠰᠬᠤ ᠶᠢᠨ ᠬᠠᠮᠳᠤ ᠪᠠᠰᠠ ᠬᠠᠢ ᠯᠦ ᠹᠧᠩ ᠤᠨ | ᠲᠠᠷᠢᠶᠠᠴᠢᠨ ᠤ ᠬᠦᠳᠡᠯᠭᠡᠭᠡᠨ ᠢ ᠲᠤᠭᠤᠷᠢᠨ ᠦᠵᠡᠪᠡ᠃10 ᠳ᠋ᠤᠭᠠᠷ ᠰᠠᠷ᠎ᠠ ᠳᠤ ᠰᠤᠷᠤᠯᠭ᠎ᠠ ᠲᠡᠭᠦᠰᠦᠭᠰᠡᠨ ᠤ | ᠲᠠᠷᠠᠭ᠎ᠠ ᠲᠡᠷᠡ ᠦᠪᠦᠷ ᠮᠤᠩᠭᠤᠯ ᠳᠠᠭᠠᠨ ᠪᠤᠴᠠᠵᠤ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠰᠦᠢ ᠶᠤᠸᠠᠨ | ᠤᠷᠤᠨ ᠤ ᠬᠤᠷᠢᠶ᠎ᠠ ᠶᠢᠨ ᠤᠳᠤᠷᠢᠳᠤᠯᠭ᠎ᠠ ᠲᠤᠤᠷ᠎ᠠ᠂ ᠲᠠᠷᠢᠶᠠᠴᠢᠨ ᠤ ᠬᠦᠳᠡᠯᠭᠡᠭᠡᠨ ᠤ ᠣᠨᠴᠠ ᠲᠣᠮᠢᠯᠠᠭᠳᠠᠭᠴᠢ ᠶᠢᠨ | ᠬᠤᠪᠢ ᠪᠠᠷ ᠲᠦᠮᠡᠳ ᠤᠨ ᠲᠠᠯ᠎ᠠ ᠶᠢᠨ ᠬᠦᠳᠡᠭᠡ ᠲᠤᠰᠬᠤᠨ ᠳᠤ ᠲᠠᠷᠢᠶᠠᠴᠢᠨ ᠤ ᠬᠦᠳᠡᠯᠭᠡᠭᠡᠨ ᠢ ᠦᠷᠨᠢᠬᠦᠯᠪᠡ᠃ | 1927 ᠣᠨ ᠤ ᠡᠬᠢᠨ ᠳᠤ᠂ ᠵᠢᠷᠭᠠᠯ ᠸᠠᠩ ᠵᠢᠶᠠᠨ ᠭᠦᠩ᠂ ᠭᠤᠮᠪᠤᠵᠠᠪ ᠨᠠᠷ ᠲᠠᠢ ᠬᠠᠮᠳᠤᠪᠡᠷ | ᠬᠦᠬᠡᠬᠤᠲᠠ ᠠᠴᠠ ᠪᠠᠷᠠᠭᠤᠨᠰᠢᠬᠢ ᠤᠷᠤᠨ ᠳᠤ ᠲᠠᠷᠢᠶᠠᠴᠢᠳ ᠢ ᠲᠠᠶᠢᠴᠢᠯᠠᠨ᠂ ᠰᠦᠢ ᠶᠤᠸᠠᠨ ᠤ ᠬᠤᠰᠢᠭᠤ | ᠵᠠᠩᠭᠢ ᠶᠢᠨ ᠤᠷᠳᠤᠨ ᠳᠤ ︽ᠲᠠᠷᠢᠶᠠᠨ ᠭᠠᠵᠠᠷ ᠬᠡᠮᠵᠢᠬᠦ︾ ᠪᠠ ᠲᠠᠮᠠᠬᠢ ᠶᠢᠨ ᠬᠤᠷᠢᠭ᠎ᠠ ᠶᠢ ᠲᠠᠶᠢᠯᠬᠤ ᠶᠢ | ᠡᠰᠡᠷᠭᠦᠴᠡᠵᠦ᠂ ︽ᠭᠦ᠋ ᠡᠾᠦ᠋ᠨ ᠲᠠᠨ ᠤ ᠬᠡᠷᠡᠭ︾ ᠢ ᠡᠭᠦᠰᠭᠡᠪᠡ᠃ ᠶᠡᠭᠡ ᠬᠤᠪᠢᠰᠬᠠᠯ ᠢᠯᠠᠭᠳᠠᠭᠰᠠᠨ ᠤ ᠲᠠᠷᠠᠭ᠎ᠠ | ᠲᠡᠷᠡ ᠮᠦᠨ ᠲᠦᠮᠡᠳ ᠤᠨ ᠲᠠᠯ᠎ᠠ ᠶᠢᠨ ᠬᠦᠳᠡᠭᠡ ᠲᠤᠰᠬᠤᠨ ᠳᠤ ᠨᠢᠭᠤᠴᠠ ᠲᠡᠮᠡᠴᠡᠯ ᠶᠠᠪᠤᠭᠤᠯᠬᠤ ᠪᠠᠨ ᠪᠠᠷᠢᠮᠳᠠᠯᠠᠵᠤ | ᠪᠠᠶᠢᠪᠠ᠃ | 1929 ᠣᠨ ᠤ 4 ᠳ᠋ᠤᠭᠡᠷ ᠰᠠᠷ᠎ᠠ ᠳᠤ᠂ ᠵᠢᠷᠭᠠᠯ ᠪᠦᠭᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠤᠨ | ᠨᠠᠮ ᠤᠨ ᠠᠵᠢᠯ ᠤᠨ ᠰᠤᠷᠭᠠᠭᠤᠯᠢ ᠳᠤ ᠬᠦᠷᠴᠦ ᠰᠤᠷᠤᠯᠴᠠᠪᠠ᠃1932 ᠣᠨ ᠳᠤ ᠤᠯᠠᠭᠠᠨ ᠠᠵᠢᠯᠳᠠᠨ | ᠠᠵᠢᠯᠴᠢᠨ ᠤ ᠢᠨᠲ᠋ᠧᠷᠨᠠᠼᠢᠥᠨᠠᠯ ᠤᠨ ᠲᠤᠮᠳᠠᠳᠤ ᠤᠯᠤᠰ ᠤᠨ ᠠᠵᠢᠯᠴᠢᠨ ᠤ ᠺᠯᠦ᠋ᠪ ᠲᠤ ᠨᠢᠭᠲᠠᠯᠠᠨ ᠪᠤᠳᠤᠭᠴᠢ ᠶᠢᠨ | ᠲᠤᠰᠢᠶᠠᠯ ᠢ ᠬᠠᠷᠢᠭᠤᠴᠠᠪᠠ᠃ | 1937ᠣᠨ ᠤ 8 ᠳ᠋ᠤᠭᠠᠷ ᠰᠠᠷ᠎ᠠ ᠳᠤ᠂ ᠵᠢᠷᠭᠠᠯ ᠲᠤᠮᠢᠯᠠᠯᠲᠠ ᠪᠠᠷ ᠤᠯᠤᠰ ᠲᠠᠭᠠᠨ ᠪᠤᠴᠠᠵᠤ ᠶᠠᠫᠤᠨ ᠢ | ᠡᠰᠡᠷᠬᠦᠴᠡᠬᠦ ᠲᠡᠮᠡᠴᠡᠯ ᠳᠤ ᠤᠷᠤᠯᠴᠠᠵᠤ᠂ ᠪᠤᠭᠤᠳᠤ᠂ ᠬᠦᠬᠡᠬᠤᠲᠠ᠂ ᠳ᠋ᠠᠲ᠋ᠦ᠋ᠩ ᠲᠡᠮᠦᠷ ᠵᠠᠮ ᠲᠠᠭᠠᠤ ᠨᠢᠭᠤᠴᠠ | ᠠᠵᠢᠯ ᠬᠢᠵᠡᠢ᠃10 ᠳ᠋ᠤᠭᠠᠷ ᠰᠠᠷ᠎ᠠ ᠳᠤ᠂ ᠲᠡᠷᠡ ᠰᠠᠮᠪᠠᠭᠠᠯᠢᠭ ᠢᠶᠠᠷ ᠳ᠋ᠠᠲ᠋ᠦ᠋ᠩ ᠤᠨ ᠸᠦᠸᠧ ᠬᠤ᠋ ᠸᠠᠨ ᠳᠠᠬᠢ ᠶᠠᠫᠤᠨ | ᠴᠡᠷᠢᠭ ᠤᠨ ᠵᠡᠷ ᠵᠡᠪᠰᠡᠭ ᠤᠨ ᠬᠦᠮᠦᠷᠭᠡ ᠶᠢ ᠲᠡᠯᠪᠡᠴᠢᠵᠡᠢ᠃ | 1938 ᠣᠨ ᠤ 9 ᠳ᠋ᠤᠭᠡᠷ ᠰᠠᠷ᠎ᠠ ᠳᠤ᠂ ᠵᠢᠷᠭᠠᠯ ᠵᠡᠷᠭᠡ ᠨᠦᠬᠦᠷ ᠮᠠᠰᠢ ᠬᠤᠷᠳᠤᠨ ᠢᠶᠠᠷ ᠨᠠᠢᠮᠠᠳᠤᠭᠠᠷ | ᠵᠠᠮ ᠤᠨ ᠴᠡᠷᠢᠭ ᠤᠨ ᠲᠠᠯᠠᠨ ᠬᠠᠷ᠎ᠠ ᠠᠭᠤᠯᠠ ᠶᠢᠨ ᠰᠠᠯᠪᠤᠷᠢ ᠠᠩᠭᠢ ᠲᠠᠢ ᠬᠤᠯᠪᠤᠭ᠎ᠠ ᠠᠪᠴᠤ᠂ ᠲᠦᠮᠡᠳ ᠤᠨ | ᠲᠠᠯ᠎ᠠ ᠳᠤ ᠨᠢᠭᠤᠴᠠ ᠲᠡᠮᠡᠴᠡᠯ ᠶᠠᠪᠤᠭᠤᠯᠤᠨ᠂ ᠮᠤᠩᠭᠤᠯ ᠦᠨᠳᠦᠰᠦᠳᠡᠨ ᠤ ᠠᠵᠢᠯ ᠪᠠ ᠬᠠᠭᠤᠷᠮᠠᠭ ᠴᠡᠷᠢᠭ ᠤᠨ | ᠠᠵᠢᠯ ᠢ ᠦᠷᠨᠢᠭᠦᠯᠪᠡ᠃ | 1939 ᠣᠨ ᠤ 9 ᠳ᠋ᠤᠭᠡᠷ ᠰᠠᠷ᠎ᠠ ᠳᠤ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠦᠮᠡᠳ | ᠬᠤᠰᠢᠭᠤᠨ ᠤ ᠮᠤᠩᠭᠤᠯ ᠤᠨ ᠠᠵᠢᠯ ᠤᠨ ᠵᠦᠪᠯᠡᠯ ᠪᠠᠶᠢᠭᠤᠯᠤᠭᠳᠠᠵᠤ᠂ ᠵᠢᠷᠭᠠᠯ ᠨᠦᠬᠦᠷ ᠭᠤᠣᠯ | ᠬᠠᠷᠢᠭᠤᠴᠠᠯᠭᠠᠳᠠᠨ ᠤ ᠨᠢᠭᠡ ᠪᠣᠯᠪᠠ᠃ ᠲᠡᠷᠡ ᠮᠤᠩᠭᠤᠯ ᠤᠨ ᠶᠠᠫᠤᠨ ᠢ ᠡᠰᠡᠷᠭᠦᠴᠡᠬᠦ ᠫᠠᠷᠲ᠋ᠢᠽᠠᠨ ᠠᠩᠭᠢ ᠶᠢ | ᠪᠠᠶᠢᠭᠤᠯᠬᠤ ᠳᠤ ᠤᠷᠤᠯᠴᠠᠵᠤ᠂ ᠨᠢᠭᠡᠳᠦᠭᠡᠷ ᠡᠭᠡᠯᠵᠢ ᠶᠢᠨ ᠵᠢᠯᠤᠭᠤᠳᠤᠭᠴᠢ ᠪᠣᠯᠵᠤ᠂ ᠰᠦᠢ ᠶᠤᠸᠠᠨ ᠤ ᠪᠠᠷᠠᠭᠤᠨ | ᠭᠡᠰᠡᠭ ᠤᠨ ᠲᠠᠯ᠎ᠠ ᠭᠠᠵᠠᠷ ᠠᠭᠤᠯᠠᠨ ᠤᠷᠤᠨ ᠳᠤ ᠪᠠᠶᠢᠯᠳᠤᠭᠠᠨ ᠬᠢᠵᠦ ᠪᠠᠶᠢᠪᠠ᠃ ᠲᠡᠷᠡ ᠮᠤᠩᠭᠤᠯ ᠦᠨᠳᠦᠰᠦᠳᠡᠨ ᠤ | ᠺᠠᠳ᠋ᠷ ᠢ ᠬᠦᠮᠦᠵᠢᠬᠦᠯᠬᠦ ᠶᠢᠨ ᠲᠦᠯᠦᠭᠡ᠂ ᠪᠦᠯᠦᠭ ᠪᠦᠯᠦᠭ ᠮᠤᠩᠭᠤᠯ ᠵᠠᠯᠠᠭᠤᠴᠤᠳ ᠢ ᠶᠠᠨ ᠠᠨ ᠳᠤ ᠰᠤᠩᠭᠤᠨ | ᠬᠦᠷᠭᠡᠪᠡ᠃ ᠲᠡᠷᠡ ᠪᠠᠰᠠ ᠬᠠᠭᠤᠷᠮᠠᠭ ᠴᠡᠷᠢᠭ ᠤᠨ ᠠᠵᠢᠯ ᠢ ᠢᠳᠡᠪᠬᠢᠳᠡᠢ ᠦᠷᠨᠢᠬᠦᠯᠵᠦ᠂ ᠬᠠᠭᠤᠷᠮᠠᠭ ᠴᠡᠷᠢᠭ ᠤᠨ | ᠡᠪ ᠬᠠᠮᠳᠤ ᠨᠠᠮ ᠢ ᠰᠡᠷᠭᠡᠶᠢᠯᠡᠬᠦ ᠬᠤᠶᠠᠳᠤᠭᠠᠷ ᠳ᠋ᠢᠸᠢᠽᠢ ᠶᠢᠨ ᠲᠠᠷᠤᠭ᠎ᠠ ᠬᠠᠨ ᠦ᠋ ᠶᠢ ᠶᠠᠫᠤᠨ ᠢ ᠡᠰᠡᠷᠭᠦᠴᠡᠬᠦ | ᠵᠠᠮ ᠢᠶᠠᠷ ᠵᠠᠮᠨᠠᠭᠤᠯᠬᠤ ᠪᠠᠷ ᠴᠢᠷᠮᠠᠶᠢᠵᠠᠢ᠃ ᠲᠡᠷᠡ ᠦᠪᠡᠷ ᠤᠨ ᠬᠠᠳᠠᠮ ᠠᠬ᠎ᠠ ᠬᠤᠪᠢᠲᠤ ᠪᠠᠷ ᠪᠣᠤ ᠵᠢᠶᠠ ᠶᠢᠨ | ᠪᠦᠯᠬᠦᠮ ᠢ ᠪᠠᠶᠢᠭᠤᠯᠤᠭᠤᠯᠵᠤ᠂ ᠪᠦᠯᠬᠦᠮ ᠤᠨ ᠲᠠᠷᠤᠭ᠎ᠠ ᠶᠢᠨ ᠲᠤᠰᠢᠶᠠᠯ ᠢ ᠬᠠᠷᠢᠭᠤᠴᠠᠨ᠂ ᠨᠢᠭᠤᠴᠠ ᠲᠡᠮᠡᠴᠡᠯ ᠢ | ᠬᠠᠮᠠᠭᠠᠯᠠᠵᠤ ᠪᠠᠶᠢᠪᠠ᠃ | 1940 ᠣᠨ ᠤ ᠡᠬᠢᠨ ᠳᠤ᠂ ᠵᠢᠷᠭᠠᠯ ᠲᠤᠮᠳᠠᠳᠤ ᠤᠯᠤᠰ ᠤᠨ ᠡᠪ ᠬᠠᠮᠳᠤ ᠨᠠᠮ ᠤᠨ ᠰᠦᠢ ᠶᠤᠸᠠᠨ ᠤ | ᠪᠠᠷᠠᠭᠤᠨ ᠤᠷᠤᠨ ᠤ ᠬᠤᠷᠢᠶ᠎ᠠ ᠶᠢᠨ ᠮᠤᠩᠭᠤᠯ ᠦᠨᠳᠦᠰᠦᠳᠡᠨ ᠤ ᠠᠵᠢᠯ ᠤᠨ ᠬᠡᠯᠲᠡᠰ ᠤᠨ ᠬᠡᠯᠲᠡᠰ ᠤᠨ | ᠲᠠᠷᠤᠭ᠎ᠠ ᠶᠢᠨ ᠲᠤᠰᠢᠶᠠᠯ ᠢ ᠬᠠᠷᠢᠭᠤᠴᠠᠵᠤ᠂ ᠲᠠᠷᠠᠭ᠎ᠠ ᠪᠠᠷ ᠨᠢ ᠰᠦᠢ ᠶᠤᠸᠠᠨ ᠴᠠᠬᠠᠷ ᠤᠨ ᠵᠠᠬᠢᠷᠭ᠎ᠠ ᠶᠢᠨ ᠮᠤᠩᠭᠤᠯ | ᠵᠠᠰᠠᠭ ᠤᠨ ᠭᠠᠵᠠᠷ ᠤᠨ ᠲᠠᠷᠤᠭ᠎ᠠ ᠶᠢᠨ ᠲᠤᠰᠢᠶᠠᠯ ᠢ ᠬᠠᠷᠢᠭᠤᠴᠠᠪᠠ᠃ | 1941ᠣᠨ ᠤ ᠡᠭᠢᠨ ᠳᠤ᠂ ᠵᠢᠷᠭᠠᠯ ᠨᠦᠬᠦᠷ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠤᠯᠤᠳᠤᠭᠠᠷ | ᠤᠳᠠᠭᠠᠨ ᠤ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠶᠢᠨ ᠬᠤᠪᠢ ᠪᠠᠷ᠂ ᠨᠢᠭᠡ ᠪᠦᠯᠦᠭ ᠮᠤᠩᠭᠤᠯ | ᠦᠨᠳᠦᠰᠦᠳᠡᠨ ᠤ ᠵᠠᠯᠠᠭᠤᠴᠤᠳ ᠢ ᠲᠠᠭᠠᠭᠤᠯᠤᠨ ᠲᠠᠯᠠᠨ ᠬᠠᠷ᠎ᠠ ᠠᠭᠤᠯᠠ ᠶᠢᠨ ᠶᠠᠫᠤᠨ ᠢ ᠡᠰᠡᠷᠭᠦᠴᠡᠬᠦ ᠫᠠᠷᠲ᠋ᠢᠽᠠᠨ ᠤ | ᠰᠠᠭᠤᠷᠢᠨ ᠭᠠᠵᠠᠷ ᠠᠴᠠ ᠶᠠᠨ ᠠᠨ ᠢ ᠵᠣᠷᠢᠪᠠ᠃ ᠵᠠᠮ ᠲᠤᠮᠳᠠ ᠪᠠᠨ᠂ 3 ᠳ᠋ᠤᠭᠠᠷ ᠰᠠᠷ᠎ᠠ ᠶᠢᠨ 19 ᠤ ᠡᠳᠦᠷ᠂ | ᠰᠦᠢ ᠶᠤᠸᠠᠨ ᠤ ᠪᠠᠷᠠᠭᠤᠨ ᠬᠡᠰᠡᠭ ᠤᠨ ᠲᠠᠯᠠᠨ ᠬᠠᠷ᠎ᠠ ᠠᠭᠤᠯᠠ ᠶᠢᠨ ᠵᠠᠩ ᠴᠢ ᠮᠢᠩ ᠭᠤᠤ ᠳᠤ ᠶᠠᠫᠤᠨ ᠲᠡᠭᠡᠷᠡᠮ ᠳᠤ | ᠪᠦᠰᠡᠯᠡᠭᠳᠡᠵᠦ᠂ ᠲᠡᠷᠡ ᠨᠦᠭᠦᠳ ᠢᠶᠠᠨ ᠬᠠᠮᠠᠭᠠᠯᠠᠨ ᠪᠦᠰᠡᠯᠡᠯᠲᠡ ᠶᠢ ᠰᠢᠪᠳᠤᠯᠬᠤ ᠪᠠᠶᠢᠯᠳᠤᠭᠠᠨ ᠲᠤᠮᠳᠠ | ᠪᠠᠭᠠᠳᠤᠷᠯᠢᠭ ᠢᠶᠠᠷ ᠪᠡᠶ᠎ᠡ ᠦᠷᠡᠭᠳᠡᠵᠡᠢ᠃ | | ᠢᠷᠡᠯᠲᠡ᠄ ︽ᠬᠦᠬᠡᠬᠤᠲᠠ ᠶᠢᠨ ᠬᠤᠪᠢᠰᠬᠠᠯ ᠤᠨ ᠲᠡᠦᠭᠡ︾ ︵ᠦᠪᠦᠷ ᠮᠤᠩᠭᠤᠯ ᠤᠨ ᠶᠡᠭᠡ | ᠰᠤᠷᠭᠠᠭᠤᠯᠢ ᠶᠢᠨ ᠬᠡᠪᠯᠡᠯ ᠤᠨ ᠬᠤᠷᠢᠶ᠎ᠠ᠂1999 ᠣᠨ ᠤ ᠬᠡᠪᠯᠡᠯ︶ ᠠᠴᠠ ᠤᠷᠴᠢᠭᠤᠯᠪᠠ |