ᠦᠪᠦᠷ ᠮᠤᠩᠭᠤᠯ ᠤᠨ ᠬᠢᠨ ᠦᠬᠡᠷ ᠤᠨ ᠸᠢᠷᠦ᠋ᠰᠲᠤ  ᠴᠢᠴᠠᠭ᠎ᠠ ᠠᠯᠲᠠᠬᠤ᠂ ᠦᠬᠡᠷ ᠤᠨ  ᠬᠠᠯᠲᠠᠪᠤᠷᠢᠲᠦ ᠴᠢᠨᠠᠷᠲᠠᠢ ᠬᠠᠮᠠᠷ ᠮᠦᠭᠡᠷᠡᠰᠦᠨ ᠬᠤᠭᠤᠯᠠᠢ ᠶᠢᠨ ᠦᠷᠪᠢᠰᠦᠯ ᠤᠨ ᠬᠤᠶᠠᠷ ᠬᠤᠯᠪᠤᠭᠠᠳᠤ ᠸᠢᠷᠦ᠋ᠰ ᠠᠷᠭᠠᠴᠠᠭᠠᠬᠤ  ᠸᠠᠺᠽᠢᠨ ᠰᠤᠲᠤᠯᠵᠤ ᠭᠠᠷᠭᠠᠪᠠ
ᠨᠡᠶᠢᠲᠡᠯᠡᠭᠰᠡᠨ ᠴᠠᠭ᠄
2020/9/10
       ᠦᠪᠦᠷ ᠮᠤᠩᠭᠤᠯ ᠤᠨ ︽ ᠶᠢᠨ ᠢᠤᠢ  ᠪᠤᠤ ᠯᠢᠩ︾ ᠨᠡᠷᠡᠮᠵᠢᠲᠤ ᠠᠮᠢᠲᠤ ᠪᠤᠳᠠᠰ ᠤᠨ ᠮᠡᠷᠭᠡᠵᠢᠯ ᠰᠤᠲᠤᠯᠭᠠᠨ   ᠤ  ᠬᠦᠷᠢᠶᠡᠯᠡᠩ ᠤᠨ ᠬᠢᠵᠠᠭᠠᠷᠲᠤ ᠺᠤᠮᠫᠠᠨᠢ ᠶᠢᠨ  ᠲᠠᠭᠠᠭᠠᠴᠢᠯᠠᠬᠰᠠᠨ ᠰᠢᠨᠵᠢᠯᠡᠭᠡ ᠮᠡᠷᠭᠡᠵᠢᠯ ᠤᠨ   ᠴᠢᠬᠤᠯᠠ ᠲᠤᠮᠤ ᠲᠦᠷᠦᠯ ᠵᠦᠢᠯ —ᠦᠬᠡᠷ ᠤᠨ ᠸᠢᠷᠦ᠋ᠰᠲᠤ ᠴᠢᠴᠠᠭ᠎ᠠ ᠠᠯᠲᠠᠬᠤ᠂ ᠦᠬᠡᠷ ᠤᠨ ᠬᠠᠯᠲᠠᠪᠤᠷᠢᠲᠦ ᠴᠢᠨᠠᠷᠲᠠᠢ ᠬᠠᠮᠠᠷ ᠮᠦᠭᠡᠷᠡᠰᠦᠨ ᠬᠤᠭᠤᠯᠠᠢ ᠶᠢᠨ ᠦᠷᠪᠢᠰᠦᠯ ᠤᠨ ᠬᠤᠶᠠᠷ ᠬᠤᠯᠪᠤᠭᠠᠳᠤ ᠸᠢᠷᠦ᠋ᠰ ᠢ ᠠᠷᠭᠠᠴᠠᠭᠠᠬᠤ ᠸᠠᠺᠽᠢᠨ ᠮᠦᠨ ᠲᠦᠷᠦᠭᠦᠬᠡᠨ ᠲᠤᠰᠬᠠᠢ ᠮᠡᠷᠭᠡᠵᠢᠯᠲᠡᠨ ᠤ ᠪᠠᠳᠤᠯᠠᠯᠲᠠ ᠶᠢ ᠬᠦᠯᠢᠶᠡᠪᠡ᠃     ︽ ᠡᠬᠦᠨ ᠠᠴᠠ ᠡᠮᠦᠨ᠎ᠡ᠂ ᠠᠮᠧᠷᠢᠺᠠ᠂ ᠭᠧᠷᠮᠠᠨ᠂ ᠶᠠᠫᠤᠨ᠂ ᠠᠷᠭ᠋ᠧᠨ᠋ᠲ᠋ᠢᠨ ᠵᠡᠷᠭᠡ ᠤᠯᠤᠰ ᠲᠤ  ᠡᠨᠡ ᠬᠤᠶᠠᠷ ᠵᠦᠢᠯ   ᠤᠨ ᠭᠡᠮ ᠬᠡᠵᠢᠭ ᠤᠨ  ᠬᠤᠯᠪᠤᠭᠠᠳᠤ  ᠸᠢᠺᠽᠢᠨ ᠭᠠᠷᠤᠬᠰᠠᠨ ᠪᠠᠶᠢᠬᠰᠠᠨ᠃  ᠪᠢᠲᠡ 5  ᠵᠢᠯ ᠲᠤᠷᠰᠢ ᠶᠢᠨ ᠨᠠᠷᠢᠨ ᠴᠢᠮᠬᠢᠯᠡᠬᠦᠷ ᠰᠤᠳᠤᠯᠭᠠᠨ ᠢᠶᠠᠷ ᠲᠠᠮᠵᠢᠭᠠᠳ ᠬᠤᠶᠠᠷ ᠬᠤᠯᠪᠤᠭᠠᠳᠤ ᠸᠢᠷᠦ᠋ᠰ   ᠢ ᠠᠷᠭᠠᠴᠠᠭᠠᠬᠤ ᠸᠠᠺᠽᠢᠨ ᠢ ᠰᠤᠳᠤᠯᠵᠤ ᠭᠠᠷᠭᠠᠭᠠᠳ᠂ ᠤᠯᠤᠰ ᠤᠨ ᠲᠤᠲᠤᠭᠠᠳᠤ ᠶᠢᠨ  ᠬᠤᠭᠤᠰᠤᠨ ᠵᠠᠢ ᠶᠢ  ᠲᠠᠭᠯᠠᠭᠰᠠᠨ︾ ᠭᠡᠵᠦ ᠦᠪᠦᠷ ᠮᠤᠩᠭᠤᠯ ᠤᠨ ︽ ᠶᠢᠨ ᠢᠤᠢ ᠪᠤᠤ ᠯᠢᠩ︾ ᠨᠡᠷᠡᠮᠵᠢᠲᠤ ᠠᠮᠢᠲᠤ ᠪᠤᠳᠠᠰ ᠤᠨ  ᠮᠡᠷᠭᠡᠵᠢᠯ ᠰᠤᠲᠤᠯᠭᠠᠨ   ᠤ  ᠬᠦᠷᠢᠶᠡᠯᠡᠩ ᠤᠨ ᠬᠢᠵᠠᠭᠠᠷᠲᠤ ᠺᠤᠮᠫᠠᠨᠢ ᠶᠢᠨ ᠰᠤᠳᠤᠯᠭᠠᠨ ᠡᠬᠦᠲᠦᠯᠲᠡ ᠶᠢᠨ  ᠵᠠᠬᠢᠷᠤᠯ ᠴᠧᠨ ᠵᠢᠦ ᠯᠢᠶᠠᠨ ᠪᠠᠶᠠᠷᠲᠠᠢ   ᠪᠠᠷ ᠬᠡᠯᠡᠪᠡ  ᠄ ︽ᠲᠤᠰ ᠸᠠᠺᠽᠢᠨ ᠤ ᠦᠢᠯᠡᠳᠪᠦᠷᠢᠯᠡᠬᠦ  ᠤᠷ᠎ᠠ  ᠮᠡᠷᠭᠡᠵᠢᠯ ᠬᠢᠭᠡᠳ ᠬᠡᠮᠵᠢᠵᠤ ᠰᠢᠯᠭᠠᠬᠤ ᠮᠡᠷᠭᠡᠵᠢᠯ ᠂ ᠦᠢᠯᠡᠳᠬᠦᠨ ᠤ ᠴᠢᠨᠠᠷ ᠴᠢᠨᠰᠠᠭ᠎ᠠ ᠵᠢᠴᠢ  ᠸᠢᠷᠦ᠋ᠰ ᠢ ᠰᠡᠷᠭᠡᠶᠢᠯᠡᠬᠦ ᠬᠡᠷᠡᠭᠯᠡᠭᠡᠨ ᠤ  ᠦᠷ᠎ᠡ ᠪᠦᠲᠦᠮᠵᠢ ᠴᠦᠮ ᠢᠶᠠᠷ  ᠢᠶᠠᠨ ᠤᠯᠠᠨ ᠤᠯᠤᠰ ᠤᠨ ᠲᠡᠷᠢᠬᠦᠨ ᠤ ᠲᠦᠪᠰᠢᠨ ᠳᠤ ᠬᠦᠷᠦᠭᠰᠡᠨ ᠪᠦᠭᠡᠳ ᠤᠯᠤᠰ ᠤᠨ ᠬᠤᠶᠠᠳᠤᠭᠠᠷ ᠲᠦᠷᠦᠯ  ᠤᠨ ᠮᠠᠯ ᠤᠨ ᠰᠢᠨ᠎ᠡ ᠡᠮ ᠤᠨ ᠦᠨᠡᠮᠯᠡᠯ ᠵᠢᠴᠢ ᠦᠢᠯᠡᠳᠪᠦᠷᠢᠯᠡᠬᠦ ᠦᠨᠡᠮᠯᠡᠯ ᠢᠶᠠᠨ ᠤᠯᠵᠤ᠂ ᠠᠵᠤ ᠠᠬᠤᠶᠢᠯᠠᠯᠲᠠ  ᠶᠢᠨ ᠦᠢᠯᠡᠳᠪᠦᠷᠢᠯᠡᠯ ᠢᠶᠠᠨ ᠪᠡᠶᠡᠯᠡᠬᠦᠯᠦᠭᠰᠡᠨ︾  ᠭᠡᠯ᠎ᠡ᠃     ᠤᠶᠢᠯᠠᠭᠠᠬᠰᠠᠨ ᠢᠶᠠᠷ᠂ ᠦᠬᠡᠷ ᠤᠨ ᠸᠢᠷᠦ᠋ᠰᠲᠤ  ᠴᠢᠴᠠᠭ᠎ᠠ ᠠᠯᠲᠠᠬᠤ᠂ ᠦᠬᠡᠷ ᠤᠨ ᠬᠠᠯᠲᠠᠪᠤᠷᠢᠲᠦ ᠴᠢᠨᠠᠷᠲᠠᠢ ᠬᠠᠮᠠᠷ ᠮᠦᠭᠡᠷᠡᠰᠦᠨ ᠬᠤᠭᠤᠯᠠᠢ ᠶᠢᠨ ᠦᠷᠪᠢᠰᠦᠯ  ᠪᠤᠯ ᠦᠬᠡᠷ ᠲᠡᠵᠢᠭᠡᠬᠦ ᠦᠢᠯᠡᠰ ᠢ  ᠬᠠᠷᠰᠢᠯᠠᠵᠤ ᠪᠦᠬᠦᠢ ᠲᠡᠯᠡᠬᠡᠢ  ᠶᠢᠨ ᠬᠡᠪᠴᠢᠶᠡᠨ ᠳᠤ ᠲᠡᠯᠭᠡᠷᠡᠭᠰᠡᠨ ᠬᠤᠶᠠᠷ ᠵᠦᠢᠯ ᠤᠨ ᠲᠤᠮᠤ ᠬᠡᠵᠢᠭ ᠭᠡᠮ ᠪᠤᠯᠬᠤ ᠶᠤᠮ᠃  ᠡᠨᠡ ᠬᠤᠶᠠᠷ ᠵᠦᠢᠯ  ᠤᠨ ᠭᠡᠮ ᠬᠡᠵᠢᠭ ᠦᠬᠡᠷ ᠤᠨ ᠤᠷᠭᠠᠨᠢᠭ ᠪᠡᠶ᠎ᠡ ᠶᠢᠨ ᠬᠠᠯᠳᠠᠪᠤᠷᠢᠯᠠᠯ ᠢ ᠡᠰᠡᠷᠭᠦᠴᠡᠬᠦ ᠴᠢᠳᠠᠪᠤᠷᠢ ᠶᠢ ᠲᠤᠷᠤᠶᠢᠲᠠᠭᠤᠯᠵᠤ᠂ ᠦᠬᠡᠷ ᠤᠨ ᠪᠡᠶ᠎ᠡ ᠳᠤ ᠬᠤᠤᠷ ᠠᠬᠤᠭᠤᠯᠤᠨ ᠬᠤᠤᠷ ᠲᠠᠷᠬᠠᠭᠠᠯᠭᠠᠵᠤ᠂ ᠦᠬᠡᠷ ᠲᠡᠵᠢᠭᠡᠬᠦ ᠦᠢᠯᠡᠰ ᠲᠤ ᠨᠢᠭᠤᠷᠲᠠᠬᠰᠠᠨ ︽ᠨᠢᠭᠤᠴᠠ ᠲᠡᠯᠪᠡᠷᠡᠬᠦ ᠪᠦᠮᠪᠦᠭᠡ︾ ᠪᠤᠯᠤᠬᠰᠠᠨ ᠪᠠᠶᠢᠨ᠎ᠠ᠃  ᠪᠦᠷᠢᠳᠭᠡᠯ ᠢᠶᠠᠷ᠂  ᠤᠶᠢᠷ᠎ᠠ ᠶᠢᠨ ᠭᠤᠷᠪᠠᠨ ᠵᠢᠯ ᠳᠤ ᠤᠯᠤᠰ ᠤ ᠲᠤᠲᠤᠭᠠᠳᠤᠬᠢ ᠦᠬᠡᠷ ᠤᠨ ᠸᠢᠷᠦ᠋ᠰᠲᠤ ᠴᠢᠴᠠᠭ᠎ᠠ ᠠᠯᠲᠠᠬᠤ᠂  ᠦᠬᠡᠷ  ᠤᠨ ᠬᠠᠯᠲᠠᠪᠤᠷᠢᠲᠦ ᠴᠢᠨᠠᠷᠲᠠᠢ ᠬᠠᠮᠠᠷ ᠮᠦᠭᠡᠷᠡᠰᠦᠨ ᠬᠤᠭᠤᠯᠠᠢ ᠶᠢᠨ ᠦᠷᠪᠢᠰᠦᠯ ᠬᠠᠯᠳᠠᠪᠤᠷᠢᠯᠠᠬᠤ ᠨᠤᠷᠮ᠎ᠠ  85%  ᠠᠴᠠ ᠲᠡᠭᠡᠭᠰᠢ ᠬᠦᠷᠴᠦ᠂ ᠵᠢᠯ ᠪᠦᠷᠢ ᠶᠢᠨ ᠬᠤᠬᠢᠷᠠᠯ 20 ᠳ᠋ᠦᠩᠰᠢᠭᠤᠷ ᠲᠦᠬᠦᠷᠢᠭ ᠠᠴᠠ ᠬᠡᠲᠦᠷᠡᠲᠡᠭ ᠪᠠᠶᠢᠨ᠎ᠠ᠃     ᠮᠠᠯ ᠠᠵᠤ ᠠᠬᠤᠢ ᠨᠢ ᠦᠪᠦᠷ ᠮᠤᠩᠭᠤᠯ   ᠤᠨ  ᠲᠤᠯᠭᠠᠭᠤᠷᠢ ᠠᠵᠤ ᠠᠬᠤᠶᠢᠯᠠᠯ  ᠪᠤᠯᠤᠬᠰᠠᠨ ᠤ ᠬᠤᠪᠢ ᠳᠤ ᠤᠷᠤᠨ  ᠨᠤᠲᠤᠭ ᠤᠨ ᠠᠵᠤ ᠠᠬᠤᠢ ᠶᠢᠨ  ᠬᠦᠭᠵᠢᠯ ᠳᠤ ᠮᠠᠰᠢ ᠴᠢᠬᠤᠯᠠ ᠪᠠᠶᠢᠷᠢ ᠰᠠᠭᠤᠷᠢ ᠶᠢ ᠡᠵᠡᠯᠡᠲᠡᠭ᠃  ᠪᠦᠷᠢᠳᠭᠡᠯ ᠢᠶᠠᠷ᠂ ᠡᠨᠡ ᠵᠢᠯ ᠤᠨ 6 ᠳ᠋ᠤᠭᠠᠷ ᠰᠠᠷ᠎ᠠ ᠶᠢᠨ  ᠰᠡᠬᠦᠯᠴᠢ ᠶᠢᠨ ᠬᠠᠤᠯᠢ ᠶᠢᠨ ᠪᠦᠷᠢᠳᠭᠡᠯ ᠳᠤ ᠪᠦᠬᠦ ᠤᠷᠤᠨ ᠤ  ᠦᠬᠡᠷ ᠤᠨ ᠵᠤᠬᠰᠤᠭ᠎ᠠ ᠲᠤᠭ᠎ᠠ 1055.2 ᠲᠦᠮᠡ ᠪᠤᠢ᠃ ᠬᠤᠶᠠᠷ ᠬᠤᠯᠪᠤᠭᠠᠳᠤ ᠸᠢᠷᠦ᠋ᠰ   ᠢ  ᠠᠷᠭᠠᠴᠠᠭᠠᠬᠤ ᠸᠠᠺᠽᠢᠨ ᠰᠤᠲᠤᠯᠵᠤ ᠭᠠᠷᠭᠠᠬᠰᠠᠨ ᠨᠢ ᠦᠪᠦᠷ ᠮᠤᠩᠭᠤᠯ ᠤᠷᠤᠨ ᠤ ᠮᠠᠯ ᠠᠵᠤ ᠠᠬᠤᠢ ᠶᠢᠨ  ᠬᠦᠭᠵᠢᠯᠲᠡ ᠳᠤ ᠬᠠᠮᠠᠯᠠᠭᠠᠴᠢ ᠪᠠᠳᠤᠯᠠᠭᠠᠴᠢ ᠲᠠᠢ ᠪᠤᠯᠤᠬᠰᠠᠨ ᠪᠦᠭᠡᠳ ᠦᠬᠡᠷ ᠤᠨ ᠦᠷᠡᠵᠢᠯᠲᠡ ᠪᠤᠶᠢᠵᠢᠯᠲᠠ ᠪᠠᠷ ᠲᠠᠮᠵᠢᠵᠤ ᠮᠠᠯᠴᠢᠳ ᠲᠠᠷᠢᠶᠠᠴᠢᠳ ᠤᠨ ᠠᠵᠤ ᠠᠬᠤᠢ   ᠶᠢᠨ  ᠤᠷᠤᠯᠭ᠎ᠠ ᠶᠢ ᠨᠡᠮᠡᠭᠲᠡᠬᠦᠯᠬᠦ ᠳᠤ ᠨᠢᠭᠡ ᠮᠦᠷᠦᠨ ᠤ  ᠬᠦᠴᠦᠨ ᠢ ᠡᠷᠬᠦᠬᠦ ᠪᠤᠯᠤᠨ᠎ᠠ᠃  ︵ᠦᠪᠣᠷ ᠮᠣᠩᠭᠤᠯ ᠤᠨ ᠡᠳᠣᠷ ᠤᠨ ᠰᠣᠨᠢᠨ ᠤ ᠰᠤᠷᠪᠤᠯᠵᠢᠯᠠᠬᠴᠢ ᠵᠤᠤ ᠨᠠ︶       http://mongol.people.com.cn/15823661.html
 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号