ᠦᠨᠳᠦᠰᠦᠲᠡᠨ ᠤ ᠳᠠᠭᠤᠯᠠᠯᠳᠦ ᠪᠦᠵᠢᠭ ︽ᠲᠠᠯ᠎ᠠ ᠨᠤᠳᠤᠭ ᠤᠨ ᠤᠯᠠᠭᠠᠨᠮᠦ᠋ᠴᠢᠷ︾ ᠥᠪᠦᠷ ᠮᠤᠩᠭᠤᠯ ᠤᠨ ᠤᠯᠠᠭᠠᠨ ᠲᠢᠶᠠᠲᠷ ᠲᠤ ᠲᠤᠬᠯᠠᠬᠳᠠᠪᠠ
ᠨᠡᠶᠢᠲᠡᠯᠡᠭᠰᠡᠨ ᠴᠠᠭ᠄
2020/8/5
    8 ᠰᠠᠷ᠎ᠠ ᠶᠢᠨ 4 ᠤ ᠡᠳᠦᠷ᠂ ︽ᠲᠠᠯ᠎ᠠ ᠨᠤᠲᠤᠭ ᠤᠨ ᠤᠳᠬ᠎ᠠ ᠤᠷᠠᠯᠢᠭ ᠤᠨ ᠠᠷᠠᠳ ᠲᠤ ᠲᠤᠭᠯᠠᠯᠳᠠ ᠭᠠᠷᠭᠠᠬᠤ ᠤᠯᠠᠷᠢᠯ︾ ᠤᠨ ᠰᠢᠷᠢᠰ ᠠᠵᠢᠯᠯᠠᠭ᠎ᠠ ᠶᠢᠨ ᠨᠢᠭᠡ ᠪᠤᠯᠬᠤ ᠦᠨᠳᠦᠰᠦᠲᠡᠨ ᠤ ᠳᠠᠭᠤᠯᠠᠯᠳᠦ ᠪᠦᠵᠢᠭ ︽ᠲᠠᠯ᠎ᠠ ᠨᠤᠳᠤᠭ ᠤᠨ ᠤᠯᠠᠭᠠᠨᠮᠦ᠋ᠴᠢᠷ︾ ᠥᠪᠦᠷ ᠮᠤᠩᠭᠤᠯ ᠤᠨ ᠤᠯᠠᠭᠠᠨ ᠲᠢᠶᠠᠲᠷ ᠲᠤ ᠲᠤᠬᠯᠠᠬᠳᠠᠪᠠ᠃ ︽ᠲᠠᠯ᠎ᠠ ᠨᠤᠳᠤᠭ ᠤᠨ ᠤᠯᠠᠭᠠᠨᠮᠦ᠋ᠴᠢᠷ︾ ᠨᠢ ᠤᠯᠠᠭᠠᠨᠮᠦ᠋ᠴᠢᠷ ᠤᠨ ᠦᠨᠳᠦᠰᠦᠨ ᠱᠠᠳᠤᠨ ᠳᠤ ᠦᠨᠳᠦᠰᠦᠯᠡᠨ᠂ ᠰᠡᠳᠬᠢᠯ ᠰᠡᠳᠬᠢᠯ ᠢᠶᠠᠨ ᠬᠤᠯᠪᠤᠵᠦ ᠠᠷᠠᠳ ᠲᠦᠮᠡᠨ ᠳᠤ ᠦᠢᠯᠡᠴᠢᠯᠡᠨ᠂ ᠳᠤᠮᠳᠠᠳᠤ ᠶᠢᠨ ᠦᠨᠳᠦᠰᠦᠳᠡᠨ ᠤ ᠠᠭᠤᠤ ᠶᠡᠭᠡ ᠰᠡᠷᠬᠦᠨ ᠮᠠᠨᠳᠤᠯᠳᠠ ᠶᠢᠨ ︽ᠳᠤᠮᠳᠠᠳᠤ ᠶᠢᠨ ᠵᠡᠬᠦᠳᠦ︾ ᠶᠢ ᠳᠡᠷᠭᠡᠯᠰᠢᠬᠦᠯᠬᠦ ᠶᠢᠨ ᠲᠦᠯᠦᠭᠡ ᠬᠦᠴᠦᠯᠡᠨ ᠴᠢᠷᠮᠠᠶᠢᠬᠰᠠᠨ ᠢᠷᠠᠭᠤ ᠠᠯᠳᠠᠷᠳᠦ ᠲᠡᠦᠭᠡᠨ ᠶᠠᠪᠤᠴᠠ ᠶᠢ ᠲᠤᠬᠯᠠᠯᠳᠠ ᠶᠢᠨ ᠲᠠᠪᠴᠠᠩ ᠳᠤ ᠳᠡᠯᠭᠡᠨ ᠦᠵᠡᠬᠦᠯᠵᠦ᠂ ᠤᠯᠠᠭᠠᠨᠮᠦ᠋ᠴᠢᠷ ᠤᠨ ᠬᠢᠨ ᠤ ᠠᠷᠠᠳ ᠲᠦᠮᠡᠨᠴᠢ ᠴᠢᠨᠠᠷ᠂ ᠴᠠᠭ ᠦᠶᠡᠴᠢ ᠴᠢᠨᠠᠷ ᠪᠠ ᠤᠳᠬ᠎ᠠ ᠤᠷᠠᠯᠢᠭ ᠤᠨ ᠹᠷᠤᠨᠲ ᠲᠠᠬᠢ ᠬᠦᠳᠦᠯᠦᠨ ᠳᠠᠭᠠᠭᠤᠯᠬᠤ ᠴᠢᠨᠠᠷ ᠢ ᠲᠤᠪᠤᠶᠢᠯᠭᠠᠭᠰᠠᠨ ᠪᠠᠶᠢᠨ᠎ᠠ᠃ ᠤᠢᠢᠯᠠᠭᠠᠭᠰᠠᠨ ᠢᠶᠠᠷ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠶᠢ ᠪᠠᠶᠢᠩᠭᠤᠵᠢᠭᠤᠯᠤᠬᠰᠠᠨ ᠨᠦᠬᠦᠴᠡᠯ ᠳᠣᠣᠷ᠎ᠠ᠂ ︽ᠲᠠᠯ᠎ᠠ ᠨᠤᠳᠤᠭ ᠤᠨ ᠤᠳᠬ᠎ᠠ ᠤᠷᠠᠯᠢᠭ ᠤᠨ ᠠᠷᠠᠳ ᠲᠤᠲᠤᠭᠯᠠᠯᠳᠠ ᠭᠠᠷᠭᠠᠬᠤ ᠤᠯᠠᠷᠢᠯ︾ ᠨᠢ 7 ᠰᠠᠷ᠎ᠠ ᠶᠢᠨ 31 ᠤ ᠡᠳᠦᠷ ᠡᠬᠢᠯᠡᠵᠦ᠂ 2 ᠰᠠᠷ᠎ᠠ ᠶᠠᠪᠤᠭᠳᠠᠨ᠎ᠠ᠃ᠰᠤᠷᠪᠤᠯᠵᠢᠯᠠᠬᠴᠢ ᠸᠠᠩ ᠯᠧᠢ ᠰᠡᠭᠦᠳᠡᠷᠯᠡᠪᠡ
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ