| | | 8 ᠳ᠋ᠤᠭᠠᠷ ᠰᠠᠷ᠎ᠠ ᠶᠢᠨ 8 ᠤ ᠡᠳᠦᠷ᠂ ᠠᠷᠪᠠᠨ ᠳᠣᠯᠣᠳᠤᠭᠠᠷ ᠬᠤᠭᠤᠴᠠᠭᠠᠨ ᠤ ᠳᠤᠮᠳᠠᠳᠤ ᠤᠯᠤᠰ · ᠥᠪᠥᠷ | ᠮᠣᠩᠭᠤᠯ ᠤᠨ ᠲᠠᠯ᠎ᠠ ᠨᠤᠲᠤᠭ ᠤᠨ ᠰᠣᠶᠣᠯ ᠤᠨ ᠨᠠᠶᠢᠷ ᠬᠥᠬᠡᠬᠤᠲᠠ ᠳᠤ ᠵᠢᠭᠰᠠᠭᠠᠯ ᠡᠩᠨᠡᠭᠡ ᠲᠣᠭᠤᠷᠢᠨ ᠲᠣᠭᠯᠠᠬᠤ | ᠪᠠ ᠲᠤᠭᠯᠠᠯᠲᠠ ᠭᠠᠷᠭᠠᠬᠤ ᠶᠢ ᠬᠠᠷᠢᠯᠴᠠᠨ ᠤᠶᠠᠯᠳᠤᠭᠤᠯᠬᠤ ᠠᠷᠭ᠎ᠠ ᠮᠠᠶ᠋ᠢᠭ ᠢᠶᠠᠷ ᠡᠬᠢᠯᠡᠪᠡ᠃ ᠡᠨᠡ ᠤᠳᠠᠭᠠᠨ ᠤ | ᠲᠠᠯ᠎ᠠ ᠨᠤᠲᠤᠭ ᠤᠨ ᠰᠣᠶᠣᠯ ᠤᠨ ᠨᠠᠶᠢᠷ ᠨᠢ ︽ᠳᠠᠭᠤᠨ ᠤ ᠠᠶᠠᠯᠭᠤ ᠲᠠᠢ ᠨᠠᠢᠮᠠᠨ ᠰᠠᠷ᠎ᠠ — ᠲᠠᠯ᠎ᠠ ᠨᠤᠲᠤᠭ ᠤᠨ | ᠳᠠᠭᠤᠤ ᠬᠥᠭᠵᠢᠮ ᠰᠠᠶᠢᠨ ᠰᠠᠶᠢᠬᠠᠨ ᠠᠮᠢᠳᠤᠷᠠᠯ ᠢ ᠴᠣᠭᠴᠠᠯᠠᠨ᠎ᠠ︾ ᠪᠠᠷ ᠭᠤᠤᠯ ᠰᠡᠳᠦᠪ ᠪᠣᠯᠭᠠᠵᠤ᠂ | ᠲᠥᠪᠯᠡᠷᠡᠩᠭᠦᠶ ᠠᠵᠢᠯᠯᠠᠭ᠎ᠠ ᠨᠢ 8 ᠳ᠋ᠤᠭᠠᠷ ᠰᠠᠷ᠎ᠠ ᠶᠢᠨ 20 ᠤ ᠡᠳᠦᠷ ᠪᠣᠯᠲᠠᠯ᠎ᠠ ᠥᠷᠬᠦᠯᠵᠢᠯᠡᠨᠡ᠃ ᠡᠨᠡᠬᠦ | ᠬᠤᠭᠤᠴᠠᠭᠠᠨ ᠳᠤ ᠠᠭᠤᠳᠠᠮ ᠲᠠᠯᠠᠪᠠᠶ ᠶᠢᠨ ᠵᠤᠨ ᠤ ᠲᠣᠭᠯᠠᠯᠲᠠ ᠶᠢᠨ ᠨᠠᠶᠢᠷ᠂ ᠲᠠᠯ᠎ᠠ ᠨᠤᠲᠤᠭ ᠤᠨ ᠡᠭᠦᠯᠡ · | 2020 ᠣᠨ ᠤ ᠥᠪᠥᠷ ᠮᠣᠩᠭᠤᠯ ᠤᠨ ᠠᠷᠠᠳ ᠤᠨ ᠳᠠᠭᠤᠨ ᠤ ᠤᠷᠤᠯᠳᠤᠭᠠᠨ᠂ ︽ᠶᠠᠳᠠᠭᠤ ᠠᠴᠠ | ᠠᠩᠭᠢᠵᠢᠷᠠᠭᠤᠯᠬᠤ ᠪᠣᠭᠤᠮᠲᠠ ᠰᠢᠪᠲᠤᠯᠬᠤ︾ ᠭᠤᠤᠯ ᠰᠡᠳᠦᠪᠲᠦ ᠤᠷᠠᠨ ᠵᠢᠷᠤᠭ ᠤᠷᠠᠨ ᠪᠢᠴᠢᠯᠭᠡ ᠬᠡᠷᠡᠯ | ᠵᠢᠷᠤᠭ ᠤᠨ ᠦᠵᠡᠰᠬᠦᠯᠡᠩ᠂ ᠮᠣᠩᠭᠤᠯ ᠬᠡᠷ ᠤᠨ ᠪᠠᠶᠠᠰᠬᠤᠯᠠᠩᠲᠤ ᠰᠥᠨᠢ ᠵᠡᠷᠭᠡ 18 ᠵᠦᠢᠯ ᠤᠨ ᠠᠵᠢᠯᠯᠠᠭ᠎ᠠ ᠶᠢ | ᠡᠷᠭᠢᠯᠡᠬᠦ ᠪᠣᠯᠤᠨ᠎ᠠ᠃ | ᠣᠶᠢᠯᠠᠭᠠᠭᠰᠠᠨ ᠢᠶᠠᠷ᠂ ᠲᠣᠰ ᠬᠤᠭᠤᠴᠠᠭᠠᠨ ᠤ ᠲᠠᠯ᠎ᠠ ᠨᠤᠲᠤᠭ ᠤᠨ ᠰᠣᠶᠣᠯ ᠤᠨ ᠨᠠᠶᠢᠷ ᠨᠢ ᠰᠣᠳᠣᠨ | ᠪᠦᠲᠦᠭᠡᠯ ᠢ ᠳᠡᠯᠭᠡᠨ ᠦᠵᠡᠭᠦᠯᠬᠦ᠂ ᠣᠯᠠᠮᠵᠢᠯᠠᠨ ᠵᠠᠯᠭᠠᠮᠵᠢᠯᠠᠬᠤ᠂ ᠰᠣᠶᠣᠯ ᠢ ᠬᠠᠮᠲᠤ ᠪᠠᠷ ᠰᠣᠨᠢᠷᠬᠠᠬᠤ ᠪᠠ | ᠬᠠᠷᠢᠯᠴᠠᠨ ᠰᠣᠯᠢᠯᠴᠠᠵᠤ ᠬᠠᠷᠢᠯᠴᠠᠨ ᠰᠤᠷᠤᠯᠴᠠᠬᠤ ᠪᠠᠷ ᠭᠤᠤᠯ ᠠᠭᠤᠯᠭ᠎ᠠ ᠪᠣᠯᠭᠠᠵᠤ᠂ ᠣᠯᠠᠨ ᠲᠦᠮᠡᠨ | ᠣᠷᠣᠯᠴᠠᠬᠤ᠂ ᠣᠯᠠᠨ ᠲᠠᠯ᠎ᠠ ᠪᠠᠷ ᠬᠠᠷᠢᠯᠴᠠᠨ ᠬᠥᠳᠡᠯᠦᠯᠴᠡᠬᠦ ᠪᠠ ᠠᠶᠢᠮᠠᠭ ᠬᠤᠲᠠ ᠬᠠᠮᠳᠤᠷᠠᠨ ᠠᠵᠢᠯᠯᠠᠬᠤ ᠶᠢ | ᠳᠣᠪᠤᠶᠢᠯᠭᠠᠨ᠎ᠠ᠃ ᠰᠣᠶᠣᠯ ᠤᠨ ᠨᠠᠶᠢᠷ ᠨᠢ ︽ᠲᠦᠪᠯᠡᠷᠡᠭᠦᠯᠬᠦ᠂ ᠲᠠᠷᠠᠬᠠᠢ ᠪᠣᠳᠠᠷᠬᠠᠢ᠂ ᠦᠷᠬᠦᠯᠵᠢᠯᠡᠬᠦᠯᠬᠦ︾ ᠠᠷᠭ᠎ᠠ | ᠮᠠᠶ᠋ᠢᠭ ᠢᠶᠠᠷ ᠪᠦᠬᠦ ᠤᠷᠤᠨ ᠤ ᠭᠡᠪᠴᠢᠶᠡᠨ ᠳᠤ ᠶᠠᠪᠤᠭᠳᠠᠨ᠎ᠠ᠃ ᠤᠤᠯ ᠤᠨ ᠪᠠᠶᠢᠭᠰᠠᠨ 2020 ᠣᠨ ᠤ ᠥᠪᠥᠷ | ᠮᠣᠩᠭᠤᠯ ᠤᠨ ᠨᠠᠶᠢᠷᠠᠯ ᠳᠠᠭᠤᠤ ᠶᠢᠨ ᠤᠷᠤᠯᠳᠤᠭᠠᠨ᠂ ︽ᠪᠦᠵᠢᠭ ᠤᠨ ᠬᠥᠭ ᠲᠠᠢ ᠤᠮᠠᠷᠠᠲᠤ ᠬᠢᠯᠢ︾ ᠪᠦᠬᠦ | ᠣᠷᠣᠨ ᠤ ᠠᠭᠤᠳᠠᠮ ᠲᠠᠯᠠᠪᠠᠶ ᠶᠢᠨ ᠪᠥᠵᠢᠭ ᠤᠨ ᠤᠷᠤᠯᠳᠤᠭᠠᠨ᠂ ᠳᠠᠭᠤᠨ ᠤ ᠠᠶᠠᠯᠭᠤ ᠲᠠᠢ ᠨᠠᠢᠮᠠᠨ ᠰᠠᠷ᠎ᠠ — | ᠡᠭᠦᠯᠡᠨ ᠳᠡᠭᠡᠷᠡᠬᠢ ᠳᠠᠭᠤᠤ ᠶᠢᠨ ᠤᠷᠤᠯᠳᠤᠭᠠᠨ ᠵᠢᠴᠢ ︽ᠲᠠᠯ᠎ᠠ ᠨᠤᠲᠤᠭ ᠲᠤ ᠰᠠᠭᠠᠳᠠᠵᠤ ᠠᠶ᠎ᠠ ᠲᠠᠭᠤᠤ ᠪᠠᠨ | ᠬᠠᠩᠭᠢᠨᠠᠭᠤᠯᠬᠤ︾᠂ ᠰᠢᠯᠢᠳᠡᠭ ᠺᠢᠨᠣ᠋ ᠶᠢᠨ ᠦᠵᠡᠭᠦᠯᠦᠯᠭᠡ ᠵᠡᠷᠭᠡ 14 ᠵᠦᠢᠯ ᠤᠨ ᠠᠵᠢᠯᠯᠠᠭ᠎ᠠ ᠶᠢᠨ ᠰᠠᠭᠤᠷᠢᠨ | ᠳᠡᠭᠡᠷ᠎ᠡ ᠪᠠᠰᠠ 4 ᠵᠦᠢᠯ ᠤᠨ ᠠᠵᠢᠯᠯᠠᠭ᠎ᠠ ᠨᠡᠮᠡᠵᠦ᠂ ᠰᠦᠯᠵᠢᠶᠡᠨ ᠳᠡᠭᠡᠷ᠎ᠡ ᠪᠠ ᠠᠬᠤᠢ ᠲᠠᠯᠠᠪᠠᠢ ᠳᠤ ᠢᠵᠢᠯ | ᠠᠯᠬᠤᠮ ᠢᠶᠠᠷ ᠶᠠᠪᠤᠭᠳᠠᠭᠤᠯᠤᠨ᠎ᠠ᠃ | ᠰᠤᠷᠪᠤᠯᠵᠢᠯᠠᠭᠴᠢ ᠰᠦᠨ ᠶᠤᠸᠠᠢ ᠯᠦᠩ ᠰᠡᠭᠦᠳᠡᠷᠯᠡᠪᠡ |