ᠰᠦᠯᠵᠢᠶᠡᠨ ᠳᠡᠭᠡᠷ᠎ᠡ ᠨᠡᠷ᠎ᠡ ᠭᠠᠷᠤᠭᠰᠠᠨ ᠵᠠᠪᠠᠯ ᠣᠴᠢᠬᠤ ᠲᠣᠰᠬᠤᠨ - ᠴᠢᠯᠠᠭᠤᠨ ᠬᠥᠮᠥᠨ ᠤ ᠲᠣᠬᠤᠢ ᠲᠣᠰᠬᠤᠨ
ᠨᠡᠶᠢᠲᠡᠯᠡᠭᠰᠡᠨ ᠴᠠᠭ᠄
2020/7/1
       ᠴᠢᠯᠠᠭᠤᠨ ᠬᠥᠮᠥᠨ ᠤ ᠲᠣᠬᠤᠢ ᠲᠣᠰᠬᠤᠨ ᠰᠠᠶᠢᠬᠠᠨ ᠲᠣᠭᠤᠷᠢᠭ ᠤᠨ ᠬᠤᠸᠠᠬᠤᠰᠢᠭᠤ ᠪᠠᠯᠭᠠᠰᠤ ᠶᠢᠨ ᠬᠤᠶᠢᠲᠤ ᠪᠡᠶ᠎ᠡ ᠪᠠᠷ ᠪᠠᠶᠢᠷᠢᠯᠠᠵᠤ᠂ 15 ᠲᠡᠭᠰᠢ ᠳᠥᠷᠪᠡᠯᠵᠢᠨ ᠺᠢᠯᠣᠮᠧᠲᠷ ᠲᠠᠯᠠᠪᠠᠢ ᠲᠠᠢ᠂ ᠠᠭᠤᠯᠠ ᠶᠢ ᠲᠦᠰᠢᠨ ᠤᠰᠤ ᠶᠢ ᠪᠠᠷᠠᠭᠠᠳᠠᠵᠤ ᠨᠣᠭᠤᠭᠠᠨ ᠮᠣᠳᠣ ᠪᠠᠷ ᠬᠦᠷᠢᠶᠡᠯᠡᠭᠦᠯᠵᠡᠢ᠃ ᠲᠣᠰᠬᠤᠨ ᠤ ᠭᠤᠣᠯ ᠵᠠᠮ ᠨᠢ 303 ᠰᠢᠶᠠᠩ ᠤᠨ ᠵᠠᠮ ᠲᠠᠢ ᠬᠤᠯᠪᠣᠯᠳᠤᠵᠤ᠂ ᠵᠠᠮ ᠬᠠᠷᠢᠯᠴᠠᠭ᠎ᠠ ᠳᠥᠭᠦᠮ᠃ ︽ᠴᠢᠯᠠᠭᠤᠨ ᠬᠥᠮᠥᠨ ᠤ ᠲᠣᠬᠤᠢ︾ ᠨᠡᠷ᠎ᠡ ᠨᠢ ᠲᠣᠰᠬᠤᠨ ᠤ ᠪᠠᠷᠠᠭᠤᠨ ᠲᠠᠯ᠎ᠠ ᠶᠢᠨ ᠬᠤᠶᠠᠷ ᠴᠢᠯᠠᠭᠤᠨ ᠬᠥᠮᠥᠨ ᠠᠴᠠ ᠢᠷᠡᠯᠲᠡ ᠲᠠᠢ᠂ ᠴᠢᠯᠠᠭᠤᠨ ᠬᠥᠮᠥᠨ ᠤ ᠡᠮᠦᠨᠡᠰᠢ 500 ᠮᠧᠲᠷ ᠤᠨ ᠵᠠᠢ ᠲᠠᠢ ᠭᠠᠵᠠᠷ ᠪᠠᠷᠤᠭ 934 ᠮᠤ᠋ ᠭᠠᠵᠠᠷ ᠤᠨ ᠪᠠᠶᠢᠭᠠᠯᠢ ᠶᠢᠨ ᠨᠣᠭᠤ ᠭᠠᠵᠠᠷ ᠲᠠᠢ᠃ ᠨᠤᠭᠤ ᠭᠠᠵᠠᠷ ᠲᠤ ᠭᠤᠣᠯ ᠭᠤᠷᠤᠬ᠎ᠠ ᠰᠦᠯᠵᠢᠯᠳᠦᠨ᠂ ᠡᠪᠡᠰᠦ ᠪᠡᠯᠴᠢᠭᠡᠷ ᠰᠠᠬᠤᠯᠢᠭ ᠤᠷᠭᠤᠵᠤ᠂ ᠣᠯᠠᠨ ᠵᠦᠢᠯ ᠤᠨ ᠠᠮᠢᠲᠠᠨ ᠤᠷᠭᠤᠮᠠᠯ ᠳᠤ ᠰᠠᠶᠢᠨ ᠰᠠᠶᠢᠬᠠᠨ ᠣᠷᠣᠰᠢᠨ ᠲᠣᠭᠲᠠᠨᠢᠬᠤ ᠣᠷᠴᠢᠨ ᠲᠣᠭᠤᠷᠢᠨ ᠢ ᠪᠦᠷᠢᠯᠳᠦᠭᠦᠯᠦᠭᠰᠡᠨ ᠢᠶᠠᠷ ᠪᠠᠷᠠᠬᠤ ᠦᠭᠡᠢ᠂ ᠵᠣᠨ ᠤ ᠤᠯᠠᠷᠢᠯ ᠪᠣᠯᠬᠤ ᠪᠦᠷᠢ ᠬᠥᠮᠥᠰ ᠤᠨ ᠵᠤᠰᠠᠵᠤ ᠵᠤᠭᠠᠴᠠᠬᠤ ᠳᠤᠷᠠᠲᠠᠢ ᠭᠠᠵᠠᠷ ᠪᠣᠯᠳᠠᠭ ᠪᠠᠶᠢᠨ᠎ᠠ᠃
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ