ᠪᠡᠭᠡᠵᠢᠩ ᠪᠠ ᠬᠦᠬᠡᠬᠤᠳᠠ ᠵᠢᠮᠳᠤ ᠲᠡᠮᠦᠷ ᠵᠠᠮ ᠤᠨ ᠪᠢᠯᠧᠲ ᠤᠨ ᠶᠠᠪᠤᠳᠠᠯ ᠢ ᠬᠤᠯᠪᠤᠵᠦ ᠨᠡᠪᠲᠡᠷᠡᠭᠦᠯᠪᠡ
ᠨᠡᠶᠢᠲᠡᠯᠡᠭᠰᠡᠨ ᠴᠠᠭ᠄
2020/6/8
      ᠥᠪᠥᠷ ᠮᠣᠩᠭᠤᠯ ᠤᠨ ᠡᠳᠦᠷ ᠤᠨ ᠰᠣᠨᠢᠨ ᠤ ᠮᠡᠳᠡᠭᠡ ︵ᠰᠤᠷᠪᠤᠯᠵᠢᠯᠠᠬᠴᠢ ᠬᠠᠢ ᠴᠢᠤᠧᠠᠨ︶ ᠬᠦᠬᠡᠬᠤᠳᠠ — ᠪᠡᠬᠡᠵᠢᠩ ᠤᠨ ᠵᠢᠮᠳᠤ ᠲᠡᠮᠦᠷ ᠵᠠᠮ ᠤᠨ ᠵᠠᠮ ᠬᠠᠷᠢᠯᠴᠠᠭᠠᠨ ᠤ ᠬᠤᠯᠪᠤᠵᠦ ᠨᠡᠪᠲᠡᠷᠡᠬᠦᠯᠬᠦ ᠡᠬᠢᠯᠡᠯᠳᠡ ᠶᠢᠨ ᠶᠤᠰᠤᠯᠠᠯ 6 ᠰᠠᠷ᠎ᠠ ᠶᠢᠨ 5 ᠤ ᠡᠳᠦᠷ ᠬᠦᠬᠡᠬᠤᠳᠠ ᠳᠤ ᠶᠠᠪᠤᠬᠳᠠᠪᠠ᠃      ᠡᠶᠢᠨ ᠬᠦ ᠬᠦᠬᠡᠬᠤᠳᠠ ᠶᠢᠨ ᠵᠢᠮᠳᠤ ᠲᠡᠮᠦᠷ ᠵᠠᠮ ᠤᠨ APP ᠶᠢᠨ ᠬᠡᠷᠡᠭᠯᠡᠭᠴᠢ ᠨᠢ ᠪᠡᠬᠡᠵᠢᠩ ᠤᠨ ᠵᠢᠮᠳᠤ ᠲᠡᠮᠦᠷ ᠵᠠᠮ ᠤᠨ ᠬᠤᠶᠠᠷ ᠬᠡᠮᠵᠢᠯᠳᠤ ᠺᠤᠳ᠋ ᠢ ᠰᠢᠷᠪᠢᠵᠦ ᠪᠡᠬᠡᠵᠢᠩ ᠤᠨ ᠵᠢᠮᠳᠤ ᠲᠡᠮᠦᠷ ᠵᠠᠮ ᠤᠨ ᠭᠠᠯᠳᠤ ᠲᠡᠷᠬᠡᠨ ᠳᠤ ᠰᠠᠭᠤᠵᠦ ᠪᠤᠯᠬᠤ ᠮᠦᠷᠳᠡᠬᠡᠨ ᠪᠡᠬᠡᠵᠢᠩ ᠤᠨ ᠢ ᠲᠦᠩ ᠰᠢᠩ APP ᠶᠢᠨ ᠬᠡᠷᠡᠭᠯᠡᠭᠴᠢ ᠨᠢ  ᠬᠦᠬᠡᠬᠤᠳᠠ ᠶᠢᠨ ᠵᠢᠮᠳᠤ ᠲᠡᠮᠦᠷ ᠵᠠᠮ ᠤᠨ ᠬᠤᠶᠠᠷ ᠬᠡᠮᠵᠢᠯᠳᠤ ᠺᠤᠳ᠋ ᠢ ᠰᠢᠷᠪᠢᠵᠦ ᠬᠦᠬᠡᠬᠤᠳᠠ ᠶᠢᠨ ᠵᠢᠮᠳᠤ ᠲᠡᠮᠦᠷ ᠵᠠᠮ ᠤᠨ ᠭᠠᠯᠳᠤ ᠲᠡᠷᠬᠡᠨ ᠳᠤ ᠰᠠᠭᠤᠵᠦ ᠲᠡᠶᠢᠯᠬᠦ ᠪᠤᠯᠵᠦ᠂ ᠪᠡᠬᠡᠵᠢᠩ ᠪᠠ ᠬᠦᠬᠡᠬᠤᠳᠠ ᠬᠤᠶᠠᠷ ᠬᠤᠳᠠ ᠨᠢ ᠵᠢᠮᠳᠤ ᠲᠡᠮᠦᠷ ᠵᠠᠮ ᠤᠨ ᠪᠢᠯᠧᠲ ᠤᠨ ᠶᠠᠪᠤᠳᠠᠯ ᠢ ᠬᠤᠯᠪᠤᠵᠦ ᠨᠡᠪᠲᠡᠷᠡᠬᠦᠯᠦᠭᠰᠡᠨ ᠪᠠᠶᠢᠨ᠎ᠠ᠃      ᠪᠢᠯᠧᠲ ᠤᠨ ᠶᠠᠪᠤᠳᠠᠯ ᠢ ᠬᠤᠯᠪᠤᠵᠦ ᠨᠡᠪᠲᠡᠷᠡᠬᠦᠯᠦᠭᠰᠡᠨ ᠨᠢ ᠪᠡᠬᠡᠵᠢᠩ ᠪᠠ ᠬᠦᠬᠡᠬᠤᠳᠠ ᠶᠢᠨ ᠵᠢᠮᠳᠤ ᠲᠡᠮᠦᠷ ᠵᠠᠮ ᠤᠨ ᠬᠤᠶᠠᠷ ᠠᠵᠦ ᠠᠬᠤᠢᠢᠯᠠᠯ ᠳᠤ ᠠᠪᠴᠤ ᠬᠡᠯᠡᠪᠡᠯ᠂ ᠣᠷᠣᠨ ᠪᠦᠰᠡ ᠶᠢᠨ ᠠᠭᠤᠰᠤᠯᠴᠠᠭ᠎ᠠ ᠶᠢ ᠠᠬᠢᠭᠤᠯᠤᠨ᠂ ᠵᠠᠮ ᠱᠤᠭᠤᠮ᠂ ᠪᠢᠯᠧᠲ ᠤᠨ ᠶᠠᠪᠤᠳᠠᠯ᠂ ᠦᠢᠯᠡᠴᠢᠯᠡᠭᠡ  ᠬᠠᠩᠭᠠᠯᠭ᠎ᠠ ᠶᠢᠨ ᠬᠠᠮᠵᠢᠯᠴᠠᠭᠠᠨ ᠤ ᠲᠤᠬᠠᠢᠢᠯᠠᠬᠰᠠᠨ ᠠᠵᠢᠯ ᠢᠶᠠᠨ ᠦᠷᠬᠡᠳᠬᠡᠬᠦ ᠳᠤ ᠠᠰᠢᠬᠳᠠᠢ ᠪᠠᠷ ᠪᠠᠷᠠᠬᠤ ᠦᠬᠡᠢ᠂ ᠲᠡᠷᠢᠬᠦᠨ ᠤ ᠠᠵᠦ ᠠᠬᠤᠢᠢᠯᠠᠯ ᠠᠴᠠ ᠰᠤᠷᠤᠯᠴᠠᠬᠤ᠂ ᠲᠡᠷᠢᠬᠦᠨ ᠤ ᠮᠡᠷᠭᠡᠵᠢᠯ ᠢ ᠤᠷᠤᠭᠤᠯᠤᠨ ᠠᠪᠴᠢᠷᠠᠬᠤ᠂ ᠰᠢᠨ᠎ᠡ ᠶᠢ ᠡᠬᠦᠳᠬᠦ ᠴᠢᠳᠠᠪᠤᠷᠢ ᠪᠠᠨ ᠲᠡᠭᠡᠭᠰᠢᠯᠡᠬᠦᠯᠬᠦ ᠳᠤ ᠠᠵᠠ ᠲᠤᠬᠢᠶᠠᠯ ᠤᠯᠭᠤᠵᠦ᠂ ᠤᠷᠤᠨ ᠪᠦᠰᠡ ᠶᠢᠨ ᠬᠠᠮᠲᠤᠷᠠᠯᠴᠠᠭ᠎ᠠ ᠪᠠᠷ ᠲᠠᠮᠵᠢᠵᠦ᠂ ᠲᠤᠮᠤ ᠳ᠋ᠠᠶᠢᠲ᠋ᠠ ᠶᠢᠨ ᠦᠢᠯᠡᠴᠢᠯᠡᠬᠡᠨ ᠤ ᠲᠠᠯ᠎ᠠ ᠪᠠᠷ ᠳ᠋ᠠᠶᠢᠲ᠋ᠠ ᠶᠢ ᠨᠢᠬᠡ ᠴᠤᠬᠴᠠᠵᠢᠭᠤᠯᠬᠤ ᠳᠠᠪᠠᠭᠤᠯᠢᠭ ᠢ ᠪᠤᠢ ᠪᠤᠯᠭᠠᠵᠦ᠂ ᠤᠷᠤᠨ ᠪᠦᠰᠡ ᠶᠢᠨ ᠲᠤᠳᠤᠷᠠᠬᠢ ᠵᠢᠮᠳᠤ ᠲᠡᠮᠤᠷ ᠵᠠᠮ ᠤᠨ ᠭᠠᠯᠳᠤ ᠲᠡᠷᠬᠡᠨ ᠤ ᠠᠶᠠᠯᠠᠯ᠂ ᠬᠡᠷᠡᠭᠯᠡᠭᠴᠢᠳ ᠲᠤ ᠦᠢᠯᠡᠴᠢᠯᠡᠬᠦ᠂ ᠲᠦᠬᠦᠬᠡᠷᠦᠮᠵᠢ ᠶᠢᠨ ᠬᠠᠮᠢᠶᠠᠷᠤᠯᠳᠠ ᠶᠢᠨ ᠲᠤᠷᠰᠢᠯᠭ᠎ᠠ ᠪᠠᠨ ᠬᠠᠮᠳᠤ ᠪᠠᠷ ᠡᠳ᠋ᠯᠡᠬᠦ ᠶᠢ ᠪᠡᠶᠡᠯᠡᠬᠦᠯᠵᠦ᠂ ᠬᠤᠳᠠ ᠬᠤᠭᠤᠷᠤᠨᠳᠤ ᠪᠠᠨ ᠵᠢᠮᠳᠤ ᠲᠡᠮᠦᠷ ᠵᠠᠮ ᠤᠨ ᠪᠢᠯᠧᠲ ᠢ ᠬᠤᠯᠪᠤᠨ ᠵᠠᠯᠭᠠᠬᠤ ᠨᠢᠬᠡᠳᠦᠯᠳᠡᠢ ᠪᠠᠷᠢᠮᠵᠢᠶ᠎ᠠ ᠶᠢ ᠲᠤᠬᠳᠠᠭᠠᠨ᠂  ᠬᠤᠯᠪᠤᠨ ᠵᠠᠯᠭᠠᠬᠤ ᠶᠠᠪᠤᠴᠠ ᠲᠤᠮᠳᠠ ᠪᠠᠨ ᠲᠠᠰᠤᠷᠠᠯᠳᠠ ᠦᠬᠡᠢ ᠰᠢᠯᠢᠳᠡᠭᠵᠢᠬᠦᠯᠦᠨ᠂ ᠤᠯᠠᠨ ᠲᠠᠯᠠᠪᠤᠷ ᠣᠯᠠᠨ ᠡᠰᠢᠵᠢᠭᠰᠡᠨ ᠪᠢᠯᠧᠲ ᠤᠨ ᠶᠠᠪᠤᠳᠠᠯ ᠤᠨ ᠵᠠᠭᠪᠤᠷ ᠢᠶᠠᠷ ᠠᠵᠢᠯᠯᠠᠵᠦ᠂ ᠣᠷᠣᠨ ᠪᠦᠰᠡ ᠶᠢᠨ ᠬᠠᠮᠳᠤᠷᠠᠯᠴᠠᠭᠠᠨ ᠤ ᠠᠬᠢᠴᠠ ᠶᠢ ᠲᠦᠷᠬᠡᠳᠬᠡᠬᠦ ᠪᠣᠯᠣᠨ᠎ᠠ᠃
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ