ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠳᠤ ᠬᠦᠮᠦᠨ ᠪᠤᠯᠭᠠᠨ ᠬᠠᠷᠢᠭᠤᠴᠠᠯᠭ᠎ᠠ ᠲᠠᠢ᠃ ᠲᠦᠮᠡᠨ | ᠣᠯᠠᠨ ᠢᠶᠠᠷ ᠢᠶᠠᠨ ᠰᠡᠳᠬᠢᠯ ᠨᠢᠬᠡᠳᠦᠨ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ | ᠰᠡᠷᠬᠡᠶᠢᠯᠡᠨ ᠡᠵᠡᠮᠳᠡᠵᠦ ᠪᠠᠶᠢᠭ᠎ᠠ ᠵᠠᠩᠭᠢᠯᠠᠭ᠎ᠠ ᠶᠢᠨ ᠦᠶ᠎ᠡ ᠳᠤ᠂ ᠠᠷᠠᠳ ᠢᠷᠭᠡᠨ ᠪᠤᠯᠭᠠᠨ ᠬᠢᠵᠢᠭ ᠤᠨ ᠪᠠᠶᠢᠳᠠᠯ ᠢ | ᠰᠡᠷᠬᠡᠶᠢᠯᠡᠨ ᠡᠵᠡᠮᠳᠡᠬᠦ ᠠᠵᠢᠯ ᠤᠨ ᠱᠠᠭᠠᠷᠳᠠᠯᠭ᠎ᠠ ᠶᠢ ᠤᠬᠠᠮᠰᠠᠷ ᠠᠴᠠ ᠪᠠᠨ ᠵᠢᠷᠤᠮᠯᠠᠵᠤ᠂ ᠡᠯ᠎ᠡ ᠱᠠᠳᠣᠨ ᠤ ᠬᠢᠵᠢᠭ | ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠵᠢᠯᠣᠭᠤᠳᠬᠤ ᠬᠡᠯᠳᠡᠰ ᠤᠨ ᠡᠯ᠎ᠡ ᠵᠦᠢᠯ ᠤᠨ ᠲᠤᠬᠳᠠᠭᠠᠯ᠂ ᠵᠠᠷᠯᠢᠭ ᠢ | ᠲᠠᠭᠠᠬᠤ ᠨᠢ ᠵᠠᠶᠢᠯᠠᠭᠤᠯᠵᠣ ᠪᠣᠯᠣᠰᠢ ᠦᠭᠡᠢ ᠬᠠᠷᠢᠭᠤᠴᠠᠯᠭ᠎ᠠ᠃ ᠦᠯᠦ ᠬᠠᠮᠵᠢᠯᠴᠠᠵᠣ᠂ ᠵᠤᠷᠢᠭᠤᠳᠠ ᠬᠠᠷᠰᠢᠯᠠᠬᠰᠠᠨ | ᠪᠤᠯ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠬᠠᠤᠯᠢ ᠶᠣᠰᠣᠭᠠᠷ ᠴᠢᠩᠭ᠎ᠠ ᠰᠢᠢᠳᠭᠡᠯ ᠥᠭᠬᠦ ᠪᠣᠯᠣᠨ᠎ᠠ᠃ | ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠤ | ᠲᠤᠤᠷᠠᠬᠢ ᠬᠠᠤᠯᠢ ᠴᠠᠭᠠᠵᠠ ᠶᠢᠨ ᠵᠦᠢᠯ ᠵᠤᠷᠪᠤᠰ ᠢ ᠪᠠᠶᠢᠩᠭᠤ ᠬᠡᠷᠡᠭᠯᠡᠳᠡᠭ᠂ ᠪᠢᠲᠡᠭᠡᠢ ᠬᠥᠨᠳᠡᠭᠡᠷᠡᠢ︕ | ︽ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠠᠮᠤᠷ ᠢ ᠬᠠᠮᠠᠭᠠᠯᠠᠬᠤ ᠬᠠᠮᠢᠶᠠᠷᠤᠯᠳᠠ ᠶᠢᠨ | ᠰᠢᠢᠳᠬᠡᠯ ᠤᠨ ᠬᠠᠤᠯᠢ︾ ᠶᠢᠨ ᠲᠠᠪᠢᠳᠤᠭᠠᠷ ᠵᠦᠢᠯ ᠳᠠᠬᠢ ᠲᠣᠭᠲᠠᠭᠠᠯ ᠢ ᠦᠨᠳᠦᠰᠦᠯᠡᠪᠡᠯ ᠲᠤᠤᠷᠠᠬᠢ ᠦᠢᠯᠡ | ᠪᠠᠶᠢᠳᠠᠯ ᠤᠨ ᠨᠢᠬᠡ ᠨᠢ ᠪᠠᠶᠢᠪᠠᠯ᠂ ᠰᠡᠷᠡᠮᠵᠢᠯᠡᠬᠦᠯᠬᠦ ᠪᠤᠶᠤ 200 ᠲᠦᠬᠦᠷᠢᠭ ᠠᠴᠠ ᠲᠤᠷᠤᠬᠰᠢ ᠵᠤᠭᠤᠰ ᠢᠶᠠᠷ | ᠲᠣᠷᠭᠠᠨ᠎ᠠ︔ ᠦᠢᠯᠡ ᠪᠠᠶᠢᠳᠠᠯ ᠨᠢ ᠬᠦᠨᠳᠦ ᠨᠤᠴᠢᠳᠠᠢ ᠪᠣᠯ 5 ᠡᠳᠦᠷ ᠠᠴᠠ ᠲᠡᠭᠡᠭᠰᠢ 10 ᠡᠳᠦᠷ ᠠᠴᠠ | ᠲᠤᠷᠤᠬᠰᠢ ᠲᠦᠷ ᠬᠤᠷᠢᠵᠤ᠂ 500 ᠲᠦᠬᠦᠷᠢᠭ ᠠᠴᠠ ᠳᠣᠷᠣᠭᠰᠢ ᠵᠣᠭᠤᠰ ᠢᠶᠠᠷ ᠲᠣᠷᠭᠠᠨ᠎ᠠ᠃ | ︵ᠨᠢᠬᠡ︶ ᠠᠷᠠᠳ ᠤᠨ ᠵᠠᠰᠠᠭ ᠤᠨ ᠤᠷᠳᠤᠨ ᠤ ᠪᠠᠴᠢᠮ ᠪᠠᠶᠢᠳᠠᠯ ᠳᠣᠣᠷ᠎ᠠ ᠬᠠᠤᠯᠢ ᠶᠤᠰᠤᠭᠠᠷ | ᠨᠡᠶᠢᠳᠡᠯᠡᠭᠰᠡᠨ ᠲᠤᠬᠳᠠᠭᠠᠯ᠂ ᠵᠠᠷᠯᠢᠭ ᠢ ᠬᠡᠷᠡᠭᠵᠢᠭᠦᠯᠬᠦ ᠶᠢ ᠲᠡᠪᠴᠢᠭᠰᠡᠨ︔ | ︵ᠬᠤᠶᠠᠷ︶ ᠲᠦᠷᠦ ᠶᠢᠨ ᠪᠠᠶᠢᠭᠤᠯᠭ᠎ᠠ ᠶᠢᠨ ᠠᠵᠢᠯᠳᠠᠳ ᠤᠨ ᠬᠠᠤᠯᠢ ᠶᠣᠰᠣᠭᠠᠷ ᠲᠤᠰᠢᠶᠠᠯ ᠢᠶᠠᠨ | ᠬᠦᠢᠴᠡᠳᠬᠡᠬᠦ ᠶᠢ ᠬᠠᠷᠰᠢᠯᠠᠭᠰᠠᠨ︔ | ︵ᠭᠤᠷᠪᠠ︶ ᠪᠠᠴᠢᠮ ᠡᠬᠦᠷᠬᠡ ᠬᠦᠢᠴᠡᠳᠬᠡᠵᠦ ᠪᠠᠶᠢᠭ᠎ᠠ ᠭᠠᠯ ᠤᠨᠳᠠᠷᠠᠭᠠᠬᠤ ᠲᠡᠷᠬᠡ᠂ ᠠᠪᠤᠷᠠᠬᠤ ᠲᠡᠷᠬᠡ᠂ | ᠪᠠᠷᠢᠯᠭ᠎ᠠ ᠶᠢᠨ ᠠᠶᠤᠯ ᠠᠴᠠ ᠠᠪᠤᠷᠠᠬᠤ ᠲᠡᠷᠬᠡ᠂ ᠴᠠᠬᠳᠠᠭᠠᠨ ᠲᠡᠷᠬᠡ ᠵᠡᠷᠬᠡ ᠲᠡᠷᠬᠡ ᠶᠢᠨ ᠨᠡᠪᠳᠡᠷᠡᠬᠦ ᠶᠢ | ᠬᠠᠷᠰᠢᠯᠠᠬᠰᠠᠨ︔ | ︵ᠲᠦᠷᠪᠡ︶ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠲᠤᠬᠢᠷᠠᠭᠤᠯᠤᠬᠰᠠᠨ ᠰᠡᠷᠡᠮᠵᠢᠯᠡᠬᠦᠯᠬᠦ ᠪᠦᠰᠡ᠂ | ᠰᠡᠷᠡᠮᠵᠢᠯᠡᠬᠦᠯᠬᠦ ᠲᠣᠭᠤᠷᠢᠭ ᠢ ᠠᠯᠪᠠ ᠪᠠᠷ ᠲᠠᠭᠠᠷᠢᠬᠰᠠᠨ᠃ | ᠣᠨᠴᠠᠭᠠᠢᠢᠯᠠᠨ ᠠᠷᠠᠳ ᠤᠨ ᠴᠠᠭᠳᠠᠭ᠎ᠠ ᠶᠢᠨ ᠬᠠᠤᠯᠢ ᠶᠤᠰᠤᠭᠠᠷ ᠲᠤᠰᠢᠶᠠᠯ ᠢᠶᠠᠨ ᠬᠦᠢᠴᠡᠳᠬᠡᠬᠦ ᠶᠢ | ᠬᠠᠷᠰᠢᠯᠠᠭᠰᠠᠨ ᠪᠣᠯ ᠬᠦᠨᠳᠦ ᠪᠠᠷ ᠰᠢᠢᠳᠬᠡᠬᠦ ᠪᠣᠯᠣᠨ᠎ᠠ᠃ | ︽ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠠᠮᠤᠷ ᠢ ᠬᠠᠮᠠᠭᠠᠯᠠᠬᠤ ᠬᠠᠮᠢᠶᠠᠷᠤᠯᠳᠠ ᠶᠢᠨ | ᠰᠢᠢᠳᠬᠡᠯ ᠤᠨ ᠬᠠᠤᠯᠢ︾ ᠶᠢᠨ ᠲᠦᠴᠢᠨ ᠭᠤᠷᠪᠠᠳᠤᠭᠠᠷ ᠵᠦᠢᠯ ᠳᠠᠬᠢ ᠲᠣᠭᠲᠠᠭᠠᠯ ᠢ ᠦᠨᠳᠦᠰᠦᠯᠡᠪᠡᠯ᠂ ᠪᠤᠰᠤᠳ ᠢ | ᠵᠣᠳᠣᠭᠰᠠᠨ ᠪᠤᠶᠤ ᠵᠤᠷᠢᠭᠤᠳᠠ ᠪᠤᠰᠤᠳ ᠢ ᠭᠡᠮᠳᠦᠭᠡᠨ ᠰᠷᠬᠠᠳᠤᠭᠤᠯᠤᠭᠰᠠᠨ ᠪᠣᠯ 5 ᠡᠳᠦᠷ ᠠᠴᠠ ᠲᠡᠭᠡᠭᠰᠢ 10 | ᠡᠳᠦᠷ ᠠᠴᠠ ᠲᠤᠷᠤᠬᠰᠢ ᠲᠦᠷ ᠬᠤᠷᠢᠬᠤ ᠶᠢᠨ ᠬᠠᠮᠲᠤ 200 ᠲᠦᠬᠦᠷᠢᠭ ᠠᠴᠠ ᠲᠡᠭᠡᠭᠰᠢ 500 ᠲᠦᠬᠦᠷᠢᠭ ᠠᠴᠠ | ᠲᠤᠷᠤᠬᠰᠢ ᠵᠤᠭᠤᠰ ᠢᠶᠠᠷ ᠲᠣᠷᠭᠠᠨ᠎ᠠ︔ ᠦᠢᠯᠡ ᠪᠠᠶᠢᠳᠠᠯ ᠨᠢ ᠬᠠᠷᠢᠴᠠᠩᠭᠤᠢ ᠬᠦᠩᠬᠡᠨ ᠪᠣᠯ᠂ 5 ᠡᠳᠦᠷ ᠠᠴᠠ | ᠲᠤᠷᠤᠬᠰᠢ ᠲᠦᠷ ᠬᠤᠷᠢᠬᠤ ᠪᠤᠶᠤ 500 ᠲᠦᠬᠦᠷᠢᠭ ᠠᠴᠠ ᠳᠣᠷᠣᠭᠰᠢ ᠵᠣᠭᠤᠰ ᠢᠶᠠᠷ ᠲᠣᠷᠭᠠᠨ᠎ᠠ᠃ | ᠲᠤᠤᠷᠠᠬᠢ ᠦᠢᠯᠡ ᠪᠠᠶᠢᠳᠠᠯ ᠤᠨ ᠨᠢᠭᠡ ᠨᠢ ᠪᠠᠶᠢᠪᠠᠯ᠂ 10 ᠡᠳᠦᠷ ᠠᠴᠠ ᠲᠡᠭᠡᠭᠰᠢ 15 ᠡᠳᠦᠷ ᠠᠴᠠ | ᠲᠤᠷᠤᠬᠰᠢ ᠲᠦᠷ ᠬᠤᠷᠢᠬᠤ ᠶᠢᠨ ᠬᠠᠮᠲᠤ 500 ᠲᠦᠭᠦᠷᠢᠭ ᠠᠴᠠ ᠲᠡᠭᠡᠭᠰᠢ 1000 ᠲᠦᠬᠦᠷᠢᠭ ᠠᠴᠠ ᠲᠤᠷᠤᠬᠰᠢ | ᠵᠤᠭᠤᠰ ᠢᠶᠠᠷ ᠲᠣᠷᠭᠠᠨ᠎ᠠ᠄ | ︵ᠨᠢᠬᠡ︶ ᠪᠦᠯᠦᠭᠯᠡᠨ ᠪᠤᠰᠤᠳ ᠢ ᠴᠣᠬᠢᠨ ᠵᠣᠳᠣᠵᠤ᠂ ᠰᠢᠷᠠᠬᠳᠤᠭᠤᠯᠤᠬᠰᠠᠨ︔ | ︵ᠬᠤᠶᠠᠷ︶ ᠵᠡᠮᠳᠡᠭ ᠬᠦᠮᠦᠨ᠂ ᠵᠢᠷᠮᠦᠰᠦᠨ ᠡᠮᠡᠭᠳᠡᠢ᠂ 14 ᠪᠦᠬᠦᠯᠢ ᠨᠠᠰᠤ ᠬᠦᠷᠦᠬᠡᠳᠦᠢ ᠬᠦᠮᠦᠨ ᠪᠤᠶᠤ | 60 ᠪᠦᠬᠦᠯᠢ ᠨᠠᠰᠤᠨ ᠠᠴᠠ ᠳᠡᠭᠡᠭᠰᠢ ᠬᠥᠮᠥᠨ ᠢ ᠴᠣᠬᠢᠨ ᠵᠣᠳᠣᠵᠤ ᠰᠢᠷᠠᠬᠳᠤᠭᠤᠯᠤᠬᠰᠠᠨ︔ | ︵ᠭᠤᠷᠪᠠ︶ ᠪᠤᠰᠤᠳ ᠢ ᠣᠯᠠᠨᠲᠠ ᠴᠣᠬᠢᠨ ᠵᠣᠳᠣᠵᠤ᠂ ᠰᠢᠷᠠᠬᠳᠤᠭᠤᠯᠤᠬᠰᠠᠨ ᠪᠤᠶᠤ ᠨᠢᠬᠡ ᠤᠳᠠᠭ᠎ᠠ | ᠣᠯᠠᠨ ᠬᠥᠮᠥᠨ ᠢ ᠴᠣᠬᠢᠨ ᠵᠣᠳᠣᠵᠤ᠂ ᠰᠢᠷᠠᠬᠳᠤᠭᠤᠯᠤᠬᠰᠠᠨ᠃ | | | ᠲᠤᠰ ᠰᠤᠨᠢᠨ ᠤ ᠰᠤᠷᠪᠤᠯᠵᠢᠯᠠᠬᠴᠢ ᠰᠢᠨᠡᠪᠢᠯᠢᠭ |