ᠬᠦᠬᠡᠬᠤᠳᠠ — ᠡᠵᠡᠨ᠎ᠡ ᠬᠦᠷᠬᠦ ᠠᠶᠠᠨᠴᠢᠨ ᠤ ᠭᠠᠯᠳᠤ ᠲᠡᠷᠬᠡ 3 ᠰᠠᠷ᠎ᠠ ᠶᠢᠨ ᠡᠬᠢ ᠪᠠᠷ ᠵᠦᠬᠡᠬᠡᠪᠦᠷᠢ ᠪᠠᠨ ᠰᠡᠷᠭᠦᠭᠡᠨ᠎ᠡ
ᠨᠡᠶᠢᠲᠡᠯᠡᠭᠰᠡᠨ ᠴᠠᠭ᠄
2020/3/4
     ᠥᠪᠥᠷ ᠮᠣᠩᠭᠤᠯ ᠤᠨ ᠡᠳᠦᠷ ᠤᠨ ᠰᠤᠨᠢᠨ ᠤ ᠮᠡᠳᠡᠭᠡ  ︵ᠰᠤᠷᠪᠤᠯᠵᠢᠯᠠᠬᠴᠢ ᠬᠠᠢ ᠴᠢᠤᠧᠠᠨ︶ ᠬᠥᠬᠡᠬᠤᠲᠠ ᠶᠢᠨ ᠲᠡᠮᠦᠷ ᠵᠠᠮ ᠤᠨ ᠲᠣᠪᠴᠢᠶ᠎ᠠ ᠠᠴᠠ  ᠤᠢᠢᠯᠠᠭᠠᠬᠰᠠᠨ ᠢᠶᠠᠷ᠂ ᠬᠦᠬᠡᠬᠤᠳᠠ ᠠᠴᠠ ᠡᠵᠡᠨ᠎ᠡ ᠬᠦᠷᠬᠦ K7911 ᠡᠬᠡᠯᠵᠢ ᠶᠢᠨ ᠠᠶᠠᠨᠴᠢᠨ ᠤ ᠭᠠᠯᠳᠤ ᠲᠡᠷᠬᠡ ᠪᠠ ᠡᠵᠡᠨ᠎ᠡ ᠠᠴᠠ ᠬᠦᠬᠡᠬᠤᠳᠠ ᠬᠦᠷᠬᠦK7912 ᠡᠭᠡᠯᠵᠢ ᠶᠢᠨ ᠠᠶᠠᠨᠴᠢᠨ ᠤ ᠭᠠᠯᠳᠤ ᠲᠡᠷᠬᠡ ᠨᠢ ᠲᠤᠰ ᠲᠤᠰ 3 ᠰᠠᠷ᠎ᠠ ᠶᠢᠨ 1 ᠤ ᠡᠳᠦᠷ ᠪᠠ 3 ᠰᠠᠷ᠎ᠠ ᠶᠢᠨ 2 ᠤᠨ ᠡᠳᠦᠷ ᠵᠥᠭᠡᠭᠡᠪᠦᠷᠢ ᠪᠠᠨ ᠰᠡᠷᠬᠦᠬᠡᠬᠦ ᠪᠠᠷ ᠪᠣᠯᠪᠠ᠃      ᠤᠳᠤᠬᠠᠨ ᠳᠤ᠂ ᠬᠥᠬᠡᠬᠤᠲᠠ ᠶᠢᠨ ᠲᠡᠮᠦᠷ ᠵᠠᠮ ᠤᠨ ᠲᠣᠪᠴᠢᠶ᠎ᠠ ᠨᠢ ᠡᠯ᠎ᠡ ᠶᠡᠭᠡ ᠭᠠᠯᠳᠤ ᠲᠡᠷᠭᠡᠨ ᠥᠷᠲᠡᠭᠡ ᠶᠢᠨ ᠥᠷᠲᠡᠭᠡ ᠳᠤ ᠣᠷᠣᠬᠤ ᠪᠠ ᠥᠷᠲᠡᠭᠡ ᠠᠴᠠ ᠭᠠᠷᠬᠤ ᠠᠶᠠᠨᠴᠢᠳ ᠵᠢᠴᠢ ᠭᠠᠯᠳᠤ ᠲᠡᠷᠬᠡᠨ ᠲᠡᠬᠡᠷᠡᠬᠢ ᠠᠶᠠᠨᠴᠢᠳ ᠤᠨ ᠪᠡᠶ᠎ᠡ ᠶᠢᠨ ᠳᠤᠯᠠᠭᠠᠨ ᠢ ᠨᠢ ᠬᠡᠮᠵᠢᠵᠦ᠂ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠠᠵᠢᠯ ᠢ ᠪᠦᠬᠦ ᠬᠦᠴᠦᠨ ᠢᠶᠠᠷ ᠢᠶᠠᠨ ᠰᠠᠶᠢᠳᠤᠷ ᠬᠢᠵᠦ ᠪᠠᠶᠢᠨ᠎ᠠ᠃ ᠬᠠᠮᠳᠤ ᠳᠤᠨᠢ᠂ ᠲᠤᠰ ᠲᠣᠪᠴᠢᠶ᠎ᠠ ᠠᠴᠠ ᠭᠠᠳᠠᠬᠰᠢ ᠭᠠᠷᠬᠤ ᠴᠢᠬᠤᠯᠠᠳᠠᠢ ᠠᠶᠠᠨᠴᠢᠳ ᠢ ᠤᠬᠠᠮᠰᠠᠷ ᠠᠴᠠ ᠪᠠᠨ ᠠᠮᠠᠪᠴᠢ ᠵᠡᠬᠦᠵᠦ᠂ ᠭᠠᠯᠳᠤ ᠲᠡᠷᠬᠡᠨ ᠦᠷᠳᠡᠭᠡ ᠶᠢᠨ ᠠᠵᠢᠯᠳᠠᠨ ᠤ ᠬᠦᠲᠦᠯᠦᠨ ᠵᠢᠯᠤᠭᠤᠳᠬᠤ ᠶᠢ ᠵᠢᠷᠤᠮᠯᠠᠨ᠂ ᠪᠡᠶ᠎ᠡ ᠶᠢᠨ ᠳᠤᠯᠠᠭᠠᠨ ᠢ ᠬᠡᠮᠵᠢᠬᠦ᠂ ᠭᠠᠯᠳᠤ ᠲᠡᠷᠬᠡᠨ ᠦᠷᠳᠡᠭᠡ ᠠᠴᠠ ᠭᠠᠷᠬᠤ ᠪᠠ ᠭᠠᠯᠳᠤ ᠲᠡᠷᠬᠡᠨ ᠦᠷᠳᠡᠭᠡ ᠳᠤ ᠤᠷᠤᠬᠤ ᠠᠮᠤᠷ ᠲᠦᠪᠰᠢᠨ ᠤ ᠪᠠᠶᠢᠴᠠᠭᠠᠯᠳᠠ ᠬᠢᠬᠦ᠂ ᠭᠠᠯᠳᠤ ᠲᠡᠷᠬᠡ ᠬᠦᠯᠢᠶᠡᠬᠦ ᠪᠠ ᠭᠠᠯᠳᠤ ᠲᠡᠷᠬᠡᠨ ᠳᠤᠭᠠᠷᠬᠤ ᠳᠠᠭᠠᠨ ᠬᠤᠭᠤᠷᠤᠨᠳᠤ ᠪᠠᠨ ᠵᠠᠶᠢᠳᠠᠢ ᠪᠠᠶᠢᠬᠤ ᠲᠠᠯ᠎ᠠ ᠪᠠᠷ ᠰᠠᠶᠢᠳᠤᠷ ᠬᠠᠮᠵᠢᠯᠴᠠᠬᠤ ᠶᠢ ᠰᠠᠨᠠᠭᠤᠯᠵᠦ ᠪᠠᠶᠢᠨ᠎ᠠ᠃ ᠵᠦᠬᠡᠬᠡᠪᠦᠷᠢ ᠪᠠᠨ ᠰᠡᠷᠬᠦᠭᠡᠭᠰᠡᠨ ᠠᠶᠠᠨᠴᠢᠨ ᠤ ᠭᠠᠯᠳᠤ ᠲᠡᠷᠬᠡ ᠶᠢᠨ ᠡᠬᠡᠯᠵᠢ ᠵᠢᠴᠢ ᠭᠠᠯᠳᠤ ᠲᠡᠷᠬᠡᠨ ᠤ ᠪᠢᠯᠧᠲ ᠬᠤᠳᠠᠯᠳᠤᠬᠤ ᠵᠡᠷᠬᠡ ᠬᠠᠮᠢᠶ᠎ᠠ ᠪᠦᠬᠦᠢ ᠮᠡᠳᠡᠭᠡ ᠵᠠᠩᠬᠢ ᠶᠢᠨ ᠨᠠᠷᠢᠨ ᠪᠠᠶᠢᠳᠠᠯ ᠢ 12306 ᠰᠦᠯᠵᠢᠶ᠎ᠡ ᠠᠴᠠ ᠯᠠᠪᠯᠠᠵᠦ ᠪᠣᠯᠣᠨ᠎ᠠ᠂ ᠬᠡᠷᠪᠡ ᠬᠤᠪᠢᠷᠠᠯᠳᠠ ᠭᠠᠷᠬᠤ ᠳᠤ ᠬᠦᠷᠪᠡᠯ ᠭᠠᠯᠳᠤ ᠲᠡᠷᠬᠡᠨ ᠦᠷᠳᠡᠭᠡ ᠶᠢᠨ ᠲᠤᠬᠠᠢ ᠶᠢᠨ ᠡᠳᠦᠷ ᠤᠨ ᠮᠡᠳᠡᠭᠳᠡᠯ ᠢᠶᠠᠷ ᠦᠨᠳᠦᠰᠦᠯᠡᠯ ᠪᠣᠯᠭᠠᠨ᠎ᠠ᠃ ᠠᠰᠠᠭᠤᠬᠤ ᠴᠢᠬᠤᠯᠠᠳᠠᠢ ᠵᠦᠢᠯ ᠪᠠᠶᠢᠪᠠᠯ 12306 ᠲᠡᠮᠦᠷ ᠵᠠᠮ ᠤᠨ ᠬᠡᠷᠡᠭᠯᠡᠭᠴᠢᠳ ᠲᠤ ᠦᠢᠯᠡᠴᠢᠯᠡᠬᠦ ᠤᠳᠠᠰᠤ ᠶᠢ ᠤᠳᠠᠰᠤᠳᠠᠵᠦ ᠯᠠᠪᠯᠠᠵᠤ ᠪᠣᠯᠣᠨ᠎ᠠ᠃
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ