ᠬᠥᠬᠡᠬᠤᠲᠠ ᠬᠠᠪᠤᠷ ᠤᠨ ᠲᠠᠷᠢᠶᠠᠯᠠᠭ᠎ᠠ ᠶᠢᠨ ᠪᠡᠯᠡᠳᠭᠡᠯ ᠠᠵᠢᠯ ᠢᠶᠠᠨ ᠵᠢᠷᠤᠮᠵᠢᠭᠤᠨ ᠠᠬᠢᠭᠤᠯᠵᠤ ᠪᠤᠢ
ᠨᠡᠶᠢᠲᠡᠯᠡᠭᠰᠡᠨ ᠴᠠᠭ᠄
2020-03-04
      ᠥᠪᠥᠷ ᠮᠣᠩᠭᠤᠯ ᠤᠨ ᠡᠳᠦᠷ ᠤᠨ ᠰᠤᠨᠢᠨ ᠤ ᠮᠡᠳᠡᠭᠡ ︵ᠰᠤᠷᠪᠤᠯᠵᠢᠯᠠᠭᠴᠢ ᠪᠤᠤ ᠨᠠᠷᠠᠨᠲᠤᠶᠠᠭ᠎ᠠ︶ ᠬᠦᠬᠡᠬᠤᠳᠠ ᠬᠦᠮᠦᠰ ᠤᠨ ᠪᠡᠶ᠎ᠡ ᠶᠢᠨ ᠠᠮᠤᠷ ᠲᠦᠪᠰᠢᠨ ᠢ ᠪᠠᠳᠤᠯᠠᠭᠰᠠᠨ ᠤᠷᠢᠳᠠᠯ ᠳᠣᠣᠷ᠎ᠠ᠂ ᠬᠠᠪᠤᠷ ᠤᠨ ᠲᠠᠷᠢᠶᠠᠯᠠᠭ᠎ᠠ ᠶᠢᠨ ᠪᠡᠯᠡᠳᠭᠡᠯ ᠵᠡᠷᠭᠡ ᠭᠤᠣᠯᠳᠠᠯᠭ᠎ᠠ ᠲᠠᠢ ᠠᠵᠢᠯ ᠢ ᠢᠳᠡᠪᠬᠢᠳᠡᠢ ᠵᠤᠬᠢᠶᠠᠨ ᠪᠠᠶᠢᠭᠤᠯᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠤ ᠲᠠᠷᠢᠶᠠᠯᠠᠬᠤ ᠴᠠᠭ ᠢ ᠰᠠᠭᠠᠳᠠᠭᠠᠬᠤ ᠦᠭᠡᠢ᠂ ᠲᠠᠷᠢᠶᠠᠯᠠᠩ ᠤᠨ ᠶᠠᠪᠤᠳᠠᠯ ᠢ ᠰᠠᠭᠠᠳᠠᠭᠠᠬᠤ ᠦᠭᠡᠢ ᠪᠠᠶᠢᠬᠤ ᠶᠢ ᠦᠨᠡᠨ ᠭᠦ ᠪᠠᠳᠤᠯᠠᠵᠤ ᠪᠤᠢ᠃      ᠤᠳᠤ ᠪᠣᠯᠲᠠᠯ᠎ᠠ᠂ ᠪᠦᠬᠦ ᠬᠤᠳᠠ ᠪᠠᠷ ᠢᠶᠠᠨ 6.61 ᠲᠦᠮᠡᠨ ᠲᠤᠨ ᠬᠢᠮᠢ ᠶᠢᠨ ᠪᠤᠷᠳᠤᠭᠤᠷ ᠨᠦᠭᠡᠴᠡᠯᠡᠵᠦ᠂ ᠪᠦᠬᠦ ᠵᠢᠯ ᠤᠨ ᠬᠡᠷᠡᠭᠰᠡᠬᠦ ᠬᠡᠮᠵᠢᠶ᠎ᠡ ᠶᠢᠨ 42% ᠶᠢ ᠡᠵᠡᠯᠡᠪᠡ︔ ᠲᠠᠷᠢᠶᠠᠨ ᠡᠮ  ᠨᠥᠭᠡᠴᠡᠯᠡᠯᠲᠡ ᠨᠡᠶᠢᠲᠡ 92 ᠲᠤᠨ ᠳᠤ ᠬᠦᠷᠴᠦ᠂ ᠪᠦᠬᠦ ᠵᠢᠯ ᠤᠨ ᠬᠡᠷᠡᠭᠰᠡᠬᠦ ᠬᠡᠮᠵᠢᠶ᠎ᠡ ᠶᠢᠨ 30.1% ᠶᠢ ᠡᠵᠡᠯᠡᠪᠡ︔ ᠰᠦᠯᠢᠶᠥᠦ ᠪᠦᠷᠬᠦᠪᠴᠢ ᠶᠢ ᠨᠡᠶᠢᠲᠡ 2826 ᠲᠣᠨ ᠨᠥᠭᠡᠴᠡᠯᠡᠵᠦ᠂ ᠪᠦᠬᠦ ᠵᠢᠯ ᠤᠨ ᠬᠡᠷᠡᠭᠰᠡᠬᠦ ᠬᠡᠮᠵᠢᠶ᠎ᠡ ᠶᠢᠨ 35% ᠶᠢ ᠡᠵᠡᠯᠡᠪᠡ︔ ᠦᠷ᠎ᠡ ᠶᠢᠨ ᠲᠦᠮᠦᠰᠦ 7.6 ᠲᠦᠮᠡᠨ ᠲᠤᠨ ᠨᠦᠭᠡᠴᠡᠯᠡᠵᠦ᠂ ᠪᠦᠬᠦ ᠵᠢᠯ ᠤᠨ ᠬᠡᠷᠡᠭᠰᠡᠬᠦ ᠬᠡᠮᠵᠢᠶ᠎ᠡ ᠶᠢᠨ 90% ᠶᠢ ᠡᠵᠡᠯᠡᠪᠡ︔ ᠡᠷᠳᠡᠨᠢ ᠰᠢᠰᠢ ᠶᠢᠨ ᠦᠷ᠎ᠡ ᠶᠢ 5220 ᠲᠤᠨ ᠨᠦᠭᠡᠴᠡᠯᠡᠵᠦ᠂ ᠪᠦᠬᠦ ᠵᠢᠯ ᠤᠨ ᠬᠡᠷᠡᠭᠰᠡᠬᠦ ᠬᠡᠮᠵᠢᠶ᠎ᠡ ᠶᠢᠨ 64.5% ᠶᠢ ᠡᠵᠡᠯᠡᠨ᠎ᠡ︔ ᠪᠤᠭᠤᠳᠠᠢ ᠶᠢᠨ ᠦᠷ᠎ᠡ ᠶᠢ 330 ᠲᠣᠨ ᠨᠥᠭᠡᠴᠡᠯᠡᠵᠦ᠂ ᠪᠦᠬᠦ ᠵᠢᠯ ᠤᠨ ᠬᠡᠷᠡᠭᠰᠡᠬᠦ ᠬᠡᠮᠵᠢᠶ᠎ᠡ ᠶᠢᠨ 9.2% ᠢ ᠡᠵᠡᠯᠡᠪᠡ︔ ᠰᠢᠷ᠎ᠠ ᠪᠤᠷᠴᠠᠭ ᠤᠨ ᠦᠷ᠎ᠡ ᠶᠢᠨ ᠨᠦᠭᠡᠴᠡ 790 ᠲᠤᠨ ᠪᠠᠶᠢᠵᠤ ᠂ ᠪᠠᠷᠤᠭ ᠪᠦᠬᠦ ᠵᠢᠯ ᠤᠨ ᠬᠡᠷᠡᠭᠰᠡᠬᠦ ᠬᠡᠮᠵᠢᠶᠠᠨ ᠤ 87% ᠶᠢ ᠡᠵᠡᠯᠡᠨ᠎ᠡ᠃ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠲᠤᠬᠢᠷᠠᠭᠤᠯᠤᠯᠳᠠ ᠬᠠᠩᠭᠠᠯᠭ᠎ᠠ ᠶᠢᠨ ᠲᠠᠯ᠎ᠠ ᠪᠠᠷ᠂ ᠮᠠᠰᠢᠨ ᠪᠠᠭᠠᠵᠢ ᠶᠢ ᠲᠦᠭᠦᠷᠵᠢᠭᠦᠯᠵᠦ᠂ ᠮᠠᠰᠢᠨ ᠪᠠᠭᠠᠵᠢ ᠶᠢᠨ ᠮᠡᠷᠭᠡᠵᠢᠯᠲᠡᠨ ᠢ ᠵᠣᠬᠢᠬᠤ ᠲᠤᠭ᠎ᠠ ᠪᠠᠷ ᠲᠤᠬᠢᠷᠠᠭᠤᠯᠵᠠᠢ᠃      ᠬᠦᠬᠡᠬᠤᠳᠠ ᠬᠢᠵᠢᠭ ᠤᠨ ᠪᠠᠶᠢᠳᠠᠯ ᠤᠨ ᠬᠤᠭᠤᠴᠠᠭᠠᠨ ᠳᠤ ᠲᠠᠷᠢᠶᠠᠯᠠᠩ ︵ᠢᠳᠡᠰᠢᠨ ᠨᠣᠭᠤᠭ᠎ᠠ︶᠂ ᠮᠠᠯ ᠤᠨ ᠠᠰᠢᠭ ᠰᠢᠮ᠎ᠡ ᠶᠢᠨ ᠪᠦᠳᠦᠭᠡᠭᠳᠡᠭᠦᠨ ᠤ ᠬᠠᠩᠭᠠᠯᠭ᠎ᠠ ᠶᠢᠨ ᠪᠠᠴᠢᠮ ᠪᠠᠶᠢᠳᠠᠯ ᠢ ᠠᠷᠭᠠᠴᠠᠭᠠᠬᠤ ᠪᠡᠯᠡᠳᠭᠡᠯ ᠲᠦᠰᠦᠯ ᠵᠢᠴᠢ ᠮᠠᠯ ᠠᠵᠤ ᠠᠬᠤᠢ ᠲᠠᠷᠢᠶᠠᠯᠠᠩ ᠤᠨ ᠠᠵᠤ ᠠᠬᠤᠶᠢᠯᠠᠯ ᠠᠵᠢᠯ ᠢᠶᠠᠨ ᠰᠡᠷᠭᠦᠭᠡᠵᠦ ᠦᠢᠯᠡᠳᠪᠦᠷᠢᠯᠡᠯ ᠢᠶᠠᠨ ᠰᠡᠷᠭᠦᠭᠡᠬᠦ ᠬᠤᠭᠤᠴᠠᠭᠠᠨ ᠳᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠲᠤᠭᠳᠠᠭᠠᠵᠤ᠂ ᠪᠦᠬᠦ ᠬᠤᠳᠠ ᠶᠢᠨ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠭᠦᠨ ᠤ ᠵᠠᠬ᠎ᠠ ᠳᠡᠯᠭᠡᠭᠦᠷ ᠤᠨ ᠪᠦᠳᠦᠮᠵᠢᠳᠡᠢ ᠬᠠᠩᠭᠠᠯᠭ᠎ᠠ ᠪᠠ ᠠᠮᠤᠷ ᠲᠦᠪᠰᠢᠨ ᠡᠮᠬᠢ ᠵᠢᠷᠤᠮ ᠲᠠᠢ ᠠᠵᠢᠯ ᠦᠢᠯᠡᠳᠪᠦᠷᠢᠯᠡᠯ ᠢᠶᠠᠨ ᠰᠡᠷᠭᠦᠭᠡᠬᠦ ᠶᠢ ᠵᠢᠯᠤᠭᠤᠳᠤᠨ ᠪᠠᠳᠤᠯᠠᠪᠠ᠃ ᠤᠳᠤᠬᠠᠨ ᠳᠤ᠂ ᠬᠦᠬᠡᠬᠤᠳᠠ ᠶᠢᠨ ᠬᠤᠳᠠ ᠶᠢᠨ ᠲᠡᠰ ᠠᠴᠠ ᠲᠡᠭᠡᠭᠰᠢᠬᠢ ᠮᠠᠯ ᠠᠵᠤ ᠠᠬᠤᠢ ᠲᠠᠷᠢᠶᠠᠯᠠᠩ ᠤᠨ ᠠᠵᠤ ᠦᠢᠯᠡᠰᠵᠢᠯᠳᠡ ᠶᠢᠨ ᠲᠠᠭᠠᠭᠤᠯᠤᠭᠴᠢ ᠠᠵᠤ ᠠᠬᠤᠢᠢᠯᠠᠯ 366 ᠪᠠᠶᠢᠵᠤ᠂ ᠠᠳᠠᠯᠢ ᠬᠤᠭᠤᠴᠠᠭᠠᠨ ᠳᠤ ᠠᠵᠢᠯ ᠰᠡᠷᠭᠦᠭᠡᠭᠰᠡᠨ ᠨᠣᠷᠮ᠎ᠠ 40% ᠳᠤ ᠬᠦᠷᠴᠡᠢ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号