ᠠᠰᠠᠭᠤᠯᠲᠠ᠄ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠠᠬᠦ ᠬᠤᠭᠤᠴᠠᠭᠠᠨ ᠳᠤ᠂ ᠬᠡᠷ | ᠪᠦᠯᠢ ᠶᠢᠨ ᠢᠳᠡᠭᠡᠨ ᠤ ᠮᠠᠲ᠋ᠧᠷᠢᠶᠠᠯ ᠬᠤᠳᠠᠯᠳᠤᠨ ᠠᠪᠬᠤ ᠪᠠ ᠬᠠᠳᠠᠭᠠᠯᠠᠬᠤ ᠳᠤ ᠶᠠᠭᠤ ᠶᠢ ᠠᠩᠬᠠᠷᠬᠤ ᠴᠢᠬᠤᠯᠠᠳᠠᠢ ᠪᠤᠢ︖ | ᠬᠠᠷᠢᠭᠤᠯᠲᠠ᠄ 1. ᠵᠢᠩᠬᠢᠨᠢ ᠬᠠᠮ ᠳᠡᠯᠭᠡᠭᠦᠷ᠂ ᠨᠣᠭᠤᠭ᠎ᠠ ᠶᠢᠨ ᠳᠡᠯᠭᠡᠭᠦᠷ ᠵᠡᠷᠭᠡ ᠳᠤ ᠬᠦᠷᠴᠦ ᠢᠳᠡᠭᠡᠨ ᠤ ᠮᠠᠲ᠋ᠧᠷᠢᠶᠠᠯ ᠬᠤᠳᠠᠯᠳᠤᠨ ᠠᠪᠬᠤ ᠶᠢᠨ | ᠬᠠᠮᠲᠤ ᠡᠷᠬᠡᠪᠰᠢ ᠬᠤᠪᠢ ᠬᠥᠮᠦᠨ ᠤ ᠬᠠᠮᠠᠭᠠᠯᠠᠯᠲᠠ ᠶᠢ ᠰᠠᠶᠢᠲᠤᠷ ᠬᠢᠬᠦ ᠬᠡᠷᠡᠭᠲᠡᠶ᠃ ᠬᠡᠭᠡᠷ᠎ᠡ ᠶᠢᠨ ᠠᠮᠢᠲᠠᠨ ᠢ ᠬᠤᠳᠠᠯᠳᠤᠨ ᠠᠪᠬᠤ ᠪᠤᠶᠤ ᠢᠳᠡᠵᠦ ᠤᠬᠳᠤ | ᠪᠣᠯᠬᠤ ᠦᠭᠡᠢ᠂ ᠠᠮᠢᠳᠤ ᠮᠠᠯ ᠵᠢᠭᠦᠷᠲᠡᠨ ᠢ ᠥᠪᠡᠷ ᠢᠶᠠᠨ ᠠᠯᠠᠵᠤ ᠨᠢᠳᠤᠯᠠᠵᠤ ᠪᠣᠯᠬᠤ ᠦᠭᠡᠢ᠂ ᠢᠷᠡᠯᠲᠡ ᠨᠢ ᠲᠣᠳᠣᠷᠬᠠᠢ ᠪᠤᠰᠤ ᠮᠠᠯ ᠵᠢᠭᠦᠷᠲᠡᠨ ᠤ ᠮᠢᠬ᠎ᠠ ᠶᠢ | ᠢᠳᠡᠵᠦ ᠪᠣᠯᠬᠤ ᠦᠭᠡᠢ᠃ | 2. ᠢᠳᠡᠭᠡᠨ ᠢ ᠨᠥᠭᠡᠴᠡᠯᠡᠨ ᠬᠠᠳᠠᠭᠠᠯᠠᠬᠤ ᠦᠭᠡᠢ᠃ ᠠᠮᠠᠷᠬᠠᠨ ᠢᠯᠵᠢᠷᠡᠬᠦ ᠵᠢᠮᠢᠰ ᠨᠣᠭᠤᠭ᠎ᠠ ᠶᠢ ᠴᠢᠳᠠᠬᠤ ᠶᠢᠨ ᠬᠢᠷᠢ ᠪᠠᠷ ᠪᠠᠷᠢᠨ ᠬᠤᠳᠠᠯᠳᠤᠨ | ᠠᠪᠴᠦ ᠪᠠᠷᠢᠨ ᠢᠳᠡᠨ᠎ᠡ᠃ ᠬᠠᠳᠠᠭᠠᠯᠠᠬᠤ ᠳᠤ ᠲᠡᠰᠪᠦᠷᠢᠲᠡᠶ ᠬᠥᠯᠳᠡᠭᠦᠤ ᠮᠢᠬᠠᠨ ᠤ ᠦᠢᠯᠡᠳᠭᠦᠨ ᠪᠠ ᠢᠳᠡᠰᠢᠨ ᠨᠣᠭᠤᠭ᠎ᠠ ᠵᠡᠷᠭᠡ ᠶᠢ ᠵᠣᠬᠢᠬᠤ ᠬᠡᠮᠵᠢᠶ᠎ᠡ ᠪᠠᠷ | ᠬᠠᠳᠠᠭᠠᠯᠠᠵᠤ ᠪᠣᠯᠣᠨ᠎ᠠ᠃ | 3. ᠬᠤᠭᠤᠴᠠᠭ᠎ᠠ ᠬᠡᠲᠦᠷᠡᠭᠰᠡᠨ ᠢᠳᠡᠭᠡᠨ ᠢ ᠢᠳᠡᠬᠦ ᠦᠭᠡᠢ᠃ | 4. ᠢᠳᠡᠭᠡᠨ ᠤ ᠮᠠᠲ᠋ᠧᠷᠢᠶᠠᠯ ᠰᠤᠩᠭᠤᠬᠤ ᠳᠠᠭᠠᠨ ᠮᠢᠬ᠎ᠠ ᠨᠣᠭᠤᠭ᠎ᠠ ᠶᠢ ᠵᠤᠬᠢᠴᠠᠭᠤᠯᠬᠤ᠂ ᠪᠦᠳᠦᠭᠦᠯᠢᠭ ᠨᠠᠷᠢᠯᠢᠭ ᠢ ᠳᠡᠩᠴᠡᠭᠦᠷᠢᠰᠢᠭᠦᠯᠬᠦ ᠶᠢ ᠠᠩᠬᠠᠷᠴᠦ | ᠂ ᠰᠢᠨ᠎ᠡ ᠰᠣᠷᠭᠤᠭ ᠵᠢᠮᠢᠰ ᠨᠣᠭᠤᠭ᠎ᠠ ᠶᠢ ᠢᠯᠡᠭᠦᠦ ᠢᠳᠡᠪᠡᠯ ᠰᠠᠶᠢᠨ᠃ | ᠠᠰᠠᠭᠤᠯᠲᠠ᠄ ᠬᠤᠭᠤᠯᠠ ᠪᠡᠯᠡᠳᠭᠡᠬᠦ ᠳᠤ ᠶᠠᠭᠤ ᠶᠢ ᠠᠩᠬᠠᠷᠪᠠᠯ ᠵᠣᠬᠢᠬᠤ ᠪᠤᠢ︖ | ᠬᠠᠷᠢᠭᠤᠯᠲᠠ᠄ 1. ᠢᠳᠡᠭᠡᠨ ᠢ ᠲᠦᠢᠯᠪᠤᠷᠢᠲᠠᠶ ᠴᠢᠨᠠᠵᠤ ᠪᠣᠯᠭᠤᠭᠠᠨ᠎ᠠ᠂ ᠦᠯᠡᠳᠡᠭᠰᠡᠨ ᠨᠣᠭᠤᠭ᠎ᠠ ᠪᠤᠳᠠᠭ᠎ᠠ ᠶᠢ ᠳᠠᠬᠢᠨ ᠢᠳᠡᠬᠦ ᠠᠴᠠ ᠡᠮᠦᠨ᠎ᠡ | ᠳᠤᠤᠱᠳᠠᠢ ᠬᠠᠯᠠᠭᠤᠯᠤᠨ᠎ᠠ᠂ ᠠᠯᠢ ᠴᠢᠳᠠᠬᠤ ᠪᠠᠷ ᠬᠦᠢᠲᠡᠨ ᠵᠠᠭᠤᠰᠢ ᠢᠳᠡᠬᠦ ᠦᠭᠡᠢ᠃ | 2. ᠪᠡᠯᠡᠳᠭᠡᠭᠰᠡᠨ ᠢᠳᠡᠭᠡᠨ ᠢ ᠠᠯᠢ ᠲᠦᠷᠭᠡᠨ ᠢᠶᠠᠷ ᠢᠳᠡᠵᠦ ᠳᠠᠭᠤᠰᠬᠠᠨ᠎ᠠ᠂ ᠬᠡᠷᠪᠡ ᠲᠤᠬᠠᠢ ᠳᠤᠨᠢ ᠢᠳᠡᠵᠦ ᠳᠡᠶᠢᠯᠬᠦ ᠦᠭᠡᠢ ᠪᠣᠯ ᠪᠤᠯᠭᠤᠭᠰᠠᠨ | ᠢᠳᠡᠭᠡᠨ ᠢ ᠭᠡᠷ ᠤᠨ ᠬᠡᠪ ᠤᠨ ᠳᠤᠯᠠᠭᠠᠨ ᠳᠣᠣᠷ᠎ᠠ ᠳᠠᠯᠪᠢᠬᠤ ᠴᠠᠭ ᠢ 2 ᠴᠠᠭ ᠠᠴᠠ ᠬᠡᠲᠦᠷᠡᠭᠦᠯᠬᠦ ᠦᠭᠡᠢ᠃ | 3. ᠬᠤᠭᠤᠯᠠ ᠬᠢᠭᠦ ᠶᠠᠪᠤᠴᠠ ᠳᠤ ᠢᠷᠲᠦ ᠪᠠᠭᠠᠵᠢ᠂ ᠠᠮᠪᠠᠨ᠂ ᠰᠠᠪᠠ ᠵᠡᠷᠭᠡ ᠶᠢ ᠲᠦᠭᠦᠭᠡᠢ ᠪᠠ ᠪᠣᠯᠭᠤᠭᠠᠭᠰᠠᠨ ᠢᠶᠠᠷ ᠰᠠᠯᠭᠠᠨ ᠬᠡᠷᠡᠭᠯᠡᠵᠦ᠂ | ᠰᠣᠯᠪᠢᠴᠠᠨ ᠪᠣᠬᠢᠷᠲᠤᠬᠤ ᠠᠴᠠ ᠵᠠᠶᠢᠯᠠᠰᠭᠢᠨ᠎ᠡ᠃ | 4. ᠭᠠᠷ ᠢᠶᠠᠨ ᠦᠷᠭᠦᠯᠵᠢ ᠤᠬᠢᠶᠠᠨ᠎ᠠ᠃ ᠬᠤᠭᠤᠯᠠ ᠬᠢᠬᠦ ᠠᠴᠠ ᠡᠮᠦᠨ᠎ᠡ᠂ ᠬᠤᠭᠤᠯᠠ ᠬᠢᠬᠦ ᠶᠠᠪᠤᠴᠠ ᠳᠤ ᠴᠡᠪᠡᠷ ᠪᠤᠰᠤ ᠡᠳ᠋ ᠪᠣᠳᠠᠰ ᠪᠤᠶᠤ | ᠭᠠᠳᠠᠭᠠᠯᠠᠭᠰᠠᠨ ᠤ ᠳᠠᠷᠠᠭ᠎ᠠ᠂ ᠬᠤᠭᠤᠯᠠ ᠬᠢᠵᠦ ᠪᠠᠷᠠᠭᠰᠠᠨ ᠤ ᠳᠠᠷᠠᠭ᠎ᠠ ᠪᠦᠷ ᠤᠷᠤᠰᠤᠮᠠᠯ ᠤᠰᠤ᠂ ᠭᠠᠷ ᠤᠬᠢᠶᠠᠬᠤ ᠰᠢᠩᠭᠡᠨ ᠡᠳ᠋ ︵ᠰᠠᠪᠤᠩ︶ ᠢ ᠬᠡᠷᠡᠭᠯᠡᠨ | ᠭᠠᠷ ᠢᠶᠠᠨ ᠰᠠᠶᠢᠲᠤᠷ ᠤᠬᠢᠶᠠᠨ᠎ᠠ᠃ | ᠠᠰᠠᠭᠤᠯᠳᠠ᠄ ᠬᠤᠭᠤᠯᠠᠨ ᠤ ᠰᠠᠪᠠ ᠬᠡᠷᠡᠭᠰᠡᠯ ᠢ ᠬᠡᠷᠬᠢᠨ ᠠᠷᠢᠭᠤᠳᠬᠠᠬᠤ ᠪᠣᠶ︖ | ᠬᠠᠷᠢᠭᠤᠯᠲᠠ᠄ ᠬᠤᠭᠤᠯᠠᠨ ᠤ ᠬᠡᠷᠡᠭᠰᠡᠯ ᠢ ᠠᠷᠢᠭᠤᠳᠬᠠᠬᠤ ᠳᠤ ᠬᠠᠮᠤᠭ ᠤᠨ ᠲᠤᠰᠠ ᠲᠠᠢ᠂ ᠬᠠᠮᠤᠭ ᠤᠨ ᠠᠮᠤᠷ ᠲᠦᠪᠰᠢᠨ ᠠᠷᠭ᠎ᠠ ᠪᠣᠯ ᠬᠤᠭᠤᠯᠠᠨ ᠤ | ᠬᠡᠷᠡᠭᠰᠡᠯ ᠢ ᠤᠬᠢᠶᠠᠵᠤ ᠴᠡᠪᠡᠷᠯᠡᠭᠰᠡᠨ ᠤ ᠳᠠᠷᠠᠭ᠎ᠠ᠂ ᠪᠤᠴᠠᠯᠤᠭᠰᠠᠨ ᠤᠰᠤᠨ ᠳᠤ ᠬᠢᠵᠦ 15 — 30 ᠮᠢᠨᠦ᠋ᠲ ᠪᠤᠴᠠᠯᠭᠠᠵᠤ ᠠᠷᠢᠭᠤᠳᠬᠠᠨ᠎ᠠ︔ ᠡᠰᠡᠬᠦᠯ᠎ᠡ | ᠬᠤᠭᠤᠯᠠᠨ ᠤ ᠬᠡᠷᠡᠭᠰᠡᠯ ᠢ ᠤᠬᠢᠶᠠᠵᠤ ᠴᠡᠪᠡᠷᠯᠡᠭᠰᠡᠨ ᠤ ᠳᠠᠷᠠᠭ᠎ᠠ 15 — 30 ᠮᠢᠨᠦ᠋ᠲ ᠵᠢᠩᠨᠡᠨ᠎ᠡ︔ ᠪᠠᠰᠠ ᠬᠤᠭᠤᠯᠠᠨ ᠤ ᠰᠠᠪᠠ ᠬᠡᠷᠡᠭᠰᠡᠯ ᠢ | ᠠᠷᠢᠭᠤᠳᠬᠠᠬᠤ ᠳᠤ ᠲᠣᠬᠢᠷᠠᠮᠵᠢᠲᠠᠶ ᠬᠢᠮᠢ ᠶᠢᠨ ᠠᠷᠢᠭᠤᠳᠬᠠᠬᠤ ᠡᠳ᠋ ᠢ ᠬᠡᠷᠡᠭᠯᠡᠨ ᠲᠣᠳᠣᠷᠬᠠᠶᠢᠯᠠᠯᠲᠠ ᠶᠣᠰᠣᠭᠠᠷ ᠠᠷᠢᠭᠤᠳᠬᠠᠵᠤ ᠪᠣᠯᠣᠨ᠎ᠠ᠃ | ᠠᠰᠠᠭᠤᠯᠲᠠ᠄ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠭᠦ ᠬᠤᠭᠤᠴᠠᠭᠠᠨ ᠳᠤ ᠪᠢᠳᠡ ᠢᠳᠡᠵᠤ ᠤᠤᠭᠤᠬᠤ ᠪᠠᠨ ᠭᠡᠷᠬᠢᠨ ᠲᠤᠬᠢᠷᠠᠭᠤᠯᠪᠠᠯ ᠵᠣᠬᠢᠬᠤ | ᠪᠤᠢ︖ | ᠬᠠᠷᠢᠭᠤᠯᠲᠠ᠄ ᠬᠤᠪᠢ ᠬᠥᠮᠦᠨ ᠤ ᠣᠨᠴᠠᠯᠢᠭ ᠢᠶᠠᠨ ᠦᠨᠳᠦᠰᠦᠯᠡᠨ ᠳᠤᠬᠢᠷᠠᠭᠤᠯᠵᠤ ᠢᠳᠡᠨ᠎ᠡ᠃ ᠮᠢᠬ᠎ᠠ ᠨᠣᠭᠤᠭ᠎ᠠ ᠶᠢ ᠵᠣᠬᠢᠴᠠᠭᠤᠯᠤᠨ᠂ ᠠᠮᠤ | ᠪᠤᠷᠴᠠᠭ ᠢ ᠬᠤᠯᠢᠨ ᠢᠳᠡᠵᠤ᠂ ᠵᠢᠮᠢᠰ ᠨᠣᠭᠤᠭ᠎ᠠ ᠭᠦᠢᠴᠡᠳ ᠪᠠᠶᠢᠬᠤ ᠶᠢ ᠠᠩᠬᠠᠷᠴᠦ᠂ ᠲᠠᠷᠭᠤᠨ ᠮᠢᠬ᠎ᠠ᠂ ᠰᠢᠷᠠᠭᠰᠠᠨ ᠪᠠ ᠳᠠᠪᠤᠰᠤᠯᠠᠭᠰᠠᠨ ᠮᠢᠬᠠᠨ ᠢᠳᠡᠭᠡᠨ ᠢ | ᠳᠤᠲᠠᠭᠤ ᠢᠳᠡᠨ᠎ᠡ᠃ ᠢᠯᠡᠬᠦᠭᠡᠨ ᠤᠰᠤ ᠤᠤᠭᠤᠵᠤ᠂ ᠪᠡᠶ᠎ᠡ ᠮᠠᠬᠠᠪᠤᠳ ᠤᠨ ᠴᠠᠷᠤᠯᠲᠠ ᠶᠢᠨ ᠴᠢᠳᠠᠪᠤᠷᠢ ᠪᠠ ᠡᠪᠡᠳᠴᠢᠨ ᠤ ᠪᠠᠺᠲ᠋ᠧᠷᠢ ᠶᠢ ᠡᠰᠡᠷᠭᠦᠴᠡᠬᠦ | ᠴᠢᠳᠠᠪᠤᠷᠢ ᠶᠢ ᠳᠡᠭᠡᠭᠰᠢᠯᠡᠭᠦᠯᠪᠡᠯ ᠵᠣᠬᠢᠨ᠎ᠠ᠃ | ︵ᠢᠷᠡᠯᠳᠡ᠄ ᠡᠷᠡᠭᠦᠯ ᠡᠩᠬᠡ ᠳᠤᠮᠳᠠᠳᠤ ᠤᠯᠤᠰ︶ |