ᠦᠪᠦᠷ ᠮᠤᠩᠭᠤᠯ ᠳᠤ ᠠᠪᠤᠷᠭᠤ ᠬᠦᠷᠪᠡᠯ ᠤᠨ ᠴᠢᠯᠠᠭᠤᠵᠢᠮᠠᠯ ᠳᠤ ᠠᠪᠤᠷᠠᠯᠲᠠ ᠶᠢᠨ ᠴᠢᠨᠠᠷᠲᠠᠢ ᠮᠠᠯᠲᠠᠯᠭ᠎ᠠ ᠬᠢᠪᠡ
ᠨᠡᠶᠢᠲᠡᠯᠡᠭᠰᠡᠨ ᠴᠠᠭ᠄
2020/12/9
     ᠰᠢᠨᠬᠤᠸᠠ ᠬᠤᠷᠢᠶ᠎ᠠ ᠬᠦᠬᠡᠬᠤᠲᠠ ᠶᠢᠨ 12  ᠰᠠᠷ᠎ᠠ ᠶᠢᠨ 8 ᠤ  ᠡᠲᠦᠷ ᠤᠨ ᠮᠡᠳᠡᠭᠡ  ︵ᠰᠤᠷᠪᠤᠯᠵᠢᠯᠠᠭᠴᠢ  ᠢᠤᠢ ᠵᠢᠶᠠ︶  ᠰᠤᠷᠪᠤᠯᠵᠢᠯᠠᠭᠴᠢ 8  ᠤ ᠡᠲᠦᠷ ᠰᠢᠯᠢ ᠶᠢᠨ ᠭᠤᠤᠯ ᠠᠶᠢᠮᠠᠭ ᠤᠨ ᠵᠡᠬᠦᠨ ᠦᠵᠦᠮᠦᠴᠢᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ ᠠᠴᠠ ᠡᠷᠲᠡᠨ ᠤ ᠠᠮᠢᠲᠤ ᠪᠤᠲᠠᠰ ᠤᠨ ᠴᠢᠯᠠᠭᠤᠵᠢᠮᠠᠯ ᠤᠨ  ᠰᠤᠳᠤᠯᠤᠯ ᠤᠨ ᠲᠤᠰᠬᠠᠢ ᠮᠡᠷᠭᠡᠵᠢᠯᠲᠡᠳ  ᠤᠶᠢᠷ᠎ᠠ ᠳᠤ ᠲᠤᠬᠠᠢ ᠶᠢᠨ ᠭᠠᠵᠠᠷ ᠤᠨ ᠨᠢᠭᠡᠨ ᠠᠪᠤᠷᠭᠤ ᠬᠦᠷᠪᠡᠯ ᠤᠨ ᠴᠢᠯᠠᠭᠤᠵᠢᠮᠠᠯ ᠤᠨ ᠰᠦᠷᠦᠭᠵᠢᠯ ᠭᠠᠵᠠᠷ ᠲᠤ ᠬᠡᠭᠡᠷ᠎ᠡ ᠶᠢᠨ ᠪᠠᠶᠢᠴᠠᠭᠠᠯᠲᠠ ᠪᠠ ᠠᠪᠤᠷᠠᠯᠲᠠ ᠶᠢᠨ ᠴᠢᠨᠠᠷᠲᠠᠢ ᠮᠠᠯᠲᠠᠯᠭ᠎ᠠ ᠬᠢᠭᠰᠡᠨ ᠢ ᠤᠯᠵᠤ ᠮᠡᠲᠡᠪᠡ᠃       ᠤᠶᠢᠯᠠᠭᠠᠬᠰᠠᠨ ᠢᠶᠠᠷ᠂ ᠡᠨᠡ ᠬᠦ ᠴᠢᠯᠠᠭᠤᠵᠢᠮᠠᠯ ᠤᠨ ᠰᠦᠷᠦᠭᠵᠢᠯ ᠨᠢ ᠵᠡᠬᠦᠨ ᠦᠵᠦᠮᠦᠴᠢᠨ ᠬᠤᠰᠢᠭᠤᠨ ᠤ ᠡᠵᠢ ᠨᠠᠭᠤᠷ ᠪᠠᠯᠭᠠᠰᠤ ᠶᠢᠨ  ᠬᠠᠷᠢᠶᠠᠨ  ᠳᠤ  ᠪᠠᠶᠢᠳᠠᠭ᠃ ᠤᠶᠢᠷ᠎ᠠ ᠳᠤ᠂  ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠭᠠᠵᠠᠷ ᠰᠢᠨᠵᠢᠯᠡᠭᠡᠨ ᠤ ᠤᠷᠴᠢᠨ ᠠᠬᠤᠢ ᠶᠢᠨ ᠰᠢᠯᠭᠠᠨ ᠬᠡᠮᠵᠢᠬᠦ ᠬᠦᠷᠢᠶᠡᠯᠡᠩ ᠤᠨ ᠭᠠᠵᠠᠷ ᠰᠢᠨᠵᠢᠯᠡᠭᠡᠨ ᠤ  ᠪᠠᠭᠤᠷᠢ ᠶᠢᠨ ᠬᠠᠮᠠᠭᠠᠯᠲᠠ ᠰᠤᠲᠤᠯᠤᠯ ᠤᠨ ᠭᠡᠷ ᠤᠨ ᠬᠠᠮᠢᠶ᠎ᠠ ᠪᠦᠬᠦᠢ ᠲᠤᠰᠬᠠᠢ ᠮᠡᠷᠭᠡᠵᠢᠯᠲᠡᠳ ᠮᠠᠯᠲᠠᠯᠭ᠎ᠠ ᠶᠢᠨ ᠤᠷᠤᠨ ᠲᠤᠭᠤᠷᠢᠭ ᠲᠤ 77 ᠬᠡᠰᠡᠭ ᠠᠪᠤᠷᠭᠤ  ᠬᠦᠷᠪᠡᠯ ᠤᠨ ᠶᠠᠰᠤᠨ ᠤ  ᠴᠢᠯᠠᠭᠤᠵᠢᠮᠠᠯ ᠳᠤ  ᠵᠤᠭᠠᠩ ᠪᠤᠭᠤᠯᠲᠠ ᠴᠢᠳᠬᠤᠵᠤ᠂ ᠵᠤᠭᠠᠩ ᠪᠤᠭᠤᠯᠲᠠ ᠲᠠᠢ ᠴᠢᠯᠠᠭᠤᠵᠢᠮᠠᠯ ᠢᠶᠠᠨ  ᠰᠡᠷᠬᠦᠭᠡᠨ ᠵᠠᠰᠠᠬᠤ ᠪᠠ ᠰᠤᠳᠤᠯᠭᠠᠨ ᠬᠢᠬᠦ ᠪᠠᠷ 800  ᠭᠠᠷᠤᠢ ᠺᠢᠯᠤᠮᠧᠲᠷ ᠬᠤᠯᠠ ᠶᠢᠨ ᠬᠦᠬᠡᠬᠤᠲᠠ ᠳᠤ ᠲᠡᠭᠡᠭᠡᠪᠦᠷᠢᠯᠡᠨ ᠠᠪᠠᠴᠢᠪᠠ᠃         ᠲᠤᠰᠬᠠᠢ ᠮᠡᠷᠭᠡᠵᠢᠯᠲᠡᠨ ᠢᠯᠡᠷᠬᠡᠶᠢᠯᠡᠬᠦ ᠳᠡᠭᠡᠨ᠄ ᠲᠡᠲᠡᠨᠡᠷ ᠴᠢᠯᠠᠭᠤᠵᠢᠮᠠᠯ   ᠳᠤ ᠬᠠᠷᠠᠭᠤᠯᠤᠬᠰᠠᠨ ᠠᠪᠤᠷᠭᠤ ᠬᠦᠷᠪᠡᠯ ᠤᠨ  ᠠᠮᠢᠲᠤᠷᠠᠵᠤ ᠤᠷᠤᠰᠢᠵᠤ ᠪᠠᠶᠢᠭᠰᠠᠨ ᠤᠷᠴᠢᠨ ᠠᠬᠤᠢ᠂  ᠪᠤᠯᠠᠭᠲᠠᠭᠰᠠᠨ  ᠴᠠᠭ ᠡᠷᠢᠨ᠂ ᠪᠤᠯᠠᠬᠲᠠᠬᠰᠠᠨ ᠤᠷᠴᠢᠨ ᠠᠬᠤᠢ ᠶᠢ ᠤᠯᠠᠮ ᠨᠢᠭᠡ ᠠᠠᠯᠬᠤᠮ ᠬᠠᠶᠢᠨ ᠰᠤᠳᠤᠯᠤᠨ᠎ᠠ᠃ ᠬᠤᠯᠪᠤᠬᠲᠠᠯ ᠪᠦᠬᠦᠢ ᠰᠤᠳᠤᠯᠭᠠᠨ ᠤ ᠦᠷ᠎ᠡ ᠳ᠋ᠦᠩ   ᠨᠢ ᠴᠢᠬᠤᠯᠨ ᠶᠡᠭᠡ ᠰᠢᠨᠵᠢᠯᠡᠬᠦ ᠤᠬᠠᠭᠠᠨ ᠤ  ᠰᠤᠳᠤᠯᠤᠯ ᠤᠨ  ᠦᠨ᠎ᠡ ᠦᠷᠲᠡᠭ   ᠲᠠᠢ ᠠᠴᠠ ᠭᠠᠲᠠᠨ᠎ᠠ ᠂  ᠮᠦᠨ ᠪᠠᠰᠠ  ᠲᠣᠬᠠᠢ ᠶᠢᠨ ᠭᠠᠵᠠᠷ ᠤᠨ  ᠰᠢᠨᠵᠢᠯᠡᠬᠦ ᠤᠬᠠᠭᠠᠨ ᠤ ᠲᠦᠭᠡᠮᠡᠯᠵᠢᠯ ᠪᠠ ᠵᠢᠭᠤᠯᠴᠢᠯᠠᠯ ᠰᠤᠶᠤᠯ ᠤᠨ ᠦᠢᠯᠡᠰ ᠤᠨ ᠬᠦᠭᠵᠢᠯᠲᠡ ᠶᠢ ᠲᠠᠶᠢᠴᠢᠯᠠᠬᠤ ᠪᠤᠯᠤᠨ᠎ᠠ ᠭᠡᠯ᠎ᠡ᠃      2018  ᠤᠨ ᠳᠤ᠂ ᠡᠷᠲᠡᠨ ᠤ  ᠠᠮᠢᠲᠤ ᠪᠤᠲᠠᠰ ᠤᠨ ᠴᠢᠯᠠᠭᠤᠵᠢᠮᠠᠯ ᠤᠨ  ᠰᠤᠳᠤᠯᠤᠯ ᠤᠨ ᠲᠤᠰᠬᠠᠢ ᠮᠡᠷᠭᠡᠵᠢᠯᠲᠡᠳ  ᠠᠲᠡᠬᠢ ᠠᠪᠤᠷᠭᠤ ᠬᠦᠷᠪᠡᠯ  ᠤᠨ ᠴᠢᠯᠠᠭᠤᠵᠢᠮᠠᠯ ᠤᠨ ᠰᠦᠷᠦᠭᠵᠢᠯ ᠢ ᠤᠯᠵᠤ ᠮᠡᠲᠡᠭᠰᠡᠨ ᠬᠤᠶᠢᠨ᠎ᠠ᠂ ︽ᠦᠪᠦᠷ ᠮᠤᠩᠭᠤᠯ ᠤᠨ  ᠦᠪᠡᠷᠲᠡᠭᠡᠨ ᠵᠠᠰᠠᠬᠤ ᠤᠷᠤᠨ ᠳᠤ ᠰᠢᠨ᠎ᠡ ᠪᠠᠷ ᠢᠯᠡᠷᠡᠬᠦᠯᠦᠭᠰᠡᠨ ᠴᠢᠬᠤᠯᠠ ᠡᠷᠲᠡᠨ ᠤ ᠠᠮᠢᠲᠤ ᠪᠤᠲᠠᠰ ᠤᠨ ᠴᠢᠯᠠᠭᠤᠵᠢᠮᠠᠯ ᠢ  ᠪᠠᠶᠢᠴᠠᠭᠠᠨ ᠦᠨᠡᠯᠡᠬᠦ ᠵᠢᠴᠢ ᠠᠪᠤᠷᠠᠯᠲᠠ ᠶᠢᠨ ᠴᠢᠨᠠᠷᠲᠠᠢ ᠮᠠᠯᠲᠠᠯᠭ᠎ᠠ︾ ᠶᠢᠨ ᠲᠦᠷᠦᠯ ᠵᠦᠢᠯ ᠢ ᠡᠬᠢᠯᠡᠬᠦᠯᠵᠦ᠂ ᠴᠢᠯᠠᠭᠤᠵᠢᠮᠠᠯ ᠤᠨ  ᠢᠯᠡᠷᠡᠭᠰᠡᠨ  ᠭᠠᠵᠠᠷ ᠤᠷᠤᠨ ᠤ ᠪᠠᠶᠢᠴᠠᠭᠠᠯᠲᠠ ᠪᠠ ᠠᠪᠤᠷᠠᠯᠲᠠ ᠶᠢᠨ ᠴᠢᠨᠠᠷᠲᠠᠢ ᠮᠠᠯᠲᠠᠯᠭ᠎ᠠ   ᠶᠢᠨ ᠠᠵᠢᠯ ᠢ ᠦᠷᠨᠢᠬᠦᠯᠵᠡᠢ᠃       ᠮᠠᠯᠲᠠᠯᠭ᠎ᠠ ᠪᠠᠷ ᠲᠠᠮᠵᠢᠵᠤ᠂ ᠴᠢᠯᠠᠭᠤᠵᠢᠮᠠᠯ ᠤᠨ ᠰᠦᠷᠦᠭᠵᠢᠯ ᠲᠤᠲᠤᠷ᠎ᠠ ᠦᠪᠦᠷ ᠮᠤᠩᠭᠤᠯ ᠳᠤ ᠨᠢᠭᠡᠨᠲᠡ ᠤᠯᠵᠤ ᠠᠪᠤᠬᠰᠠᠨ  ᠪᠡᠶ᠎ᠡ ᠪᠢᠯᠲᠠᠷ ᠬᠠᠮᠤᠭ  ᠤᠨ ᠲᠤᠮᠤ ᠬᠦᠷᠪᠡᠯᠵᠢ ᠶᠢᠨ ᠬᠦᠯ ᠤᠨ ᠲᠦᠷᠦᠯᠲᠦ ᠠᠪᠤᠷᠭᠤ ᠬᠦᠷᠪᠡᠯ ᠤᠨ  ᠴᠢᠯᠠᠭᠤᠵᠢᠮᠠᠯ ᠪᠠᠶᠢᠬᠤ ᠪᠦᠭᠡᠳ ᠬᠠ ᠭᠤᠶ᠎ᠠ᠂ ᠨᠢᠷᠤᠭᠤᠨ ᠤ ᠬᠢᠨᠢ ᠶᠡᠬᠡᠩᠬᠡᠢ ᠬᠡᠰᠡᠭ ᠴᠢᠯᠠᠭᠤᠵᠢᠮᠠᠯ ᠪᠠ ᠡᠲᠦᠢ ᠲᠡᠲᠦᠢ ᠰᠡᠭᠡᠷ ᠨᠢᠷᠤᠭᠤ᠂ ᠤᠬᠤᠷ ᠰᠡᠬᠦᠯ ᠤᠨ  ᠬᠢᠨᠢ ᠴᠢᠯᠠᠭᠤᠵᠢᠮᠠᠯ ᠢ ᠪᠠᠭᠲᠠᠭᠠᠬᠰᠠᠨ ᠴᠢᠯᠠᠭᠤᠵᠢᠮᠠᠯ ᠨᠤᠭᠤᠳ ᠪᠦᠷᠢᠨ ᠪᠦᠲᠦᠨ ᠢᠶᠠᠷ ᠬᠠᠲᠠᠭᠠᠯᠠᠬᠲᠠᠵᠤ  ᠪᠠᠶᠢᠬᠤ ᠶᠢ ᠤᠯᠵᠤ ᠠᠪᠤᠪᠠ᠃            ᠤᠳᠤ ᠪᠤᠯᠲᠠᠯ᠎ᠠ᠂ ᠦᠪᠦᠷ ᠮᠤᠩᠭᠤᠯ ᠳᠤ ᠨᠢᠭᠡᠨᠲᠡ 30  ᠭᠠᠷᠤᠢ ᠵᠦᠢᠯ ᠤᠨ ᠠᠪᠤᠷᠭᠤ ᠬᠦᠷᠪᠡᠯ ᠤᠨ ᠴᠢᠯᠠᠭᠤᠵᠢᠮᠠᠯ ᠢ  ᠢᠯᠡᠷᠡᠬᠦᠯᠵᠡᠢ᠂ ᠪᠦᠯᠦᠭ ᠠᠶᠢᠮᠠᠭ ᠬᠤᠲᠠ ᠶᠢᠨ  ᠭᠠᠵᠠᠷ ᠤᠨ ᠲᠤᠤᠷ᠎ᠠ ᠠᠪᠤᠷᠭᠤ ᠬᠦᠷᠪᠡᠯ ᠤᠨ  ᠶᠠᠰᠤ ᠰᠡᠭᠡᠷ ᠤᠨ ᠴᠢᠯᠠᠭᠤᠵᠢᠮᠠᠯ᠂  ᠠᠪᠤᠷᠭᠤ ᠭᠦᠷᠪᠡᠯ ᠤᠨ ᠦᠨᠲᠡᠭᠡ ᠶᠢᠨ ᠴᠢᠯᠠᠭᠤᠵᠢᠮᠠᠯ ᠪᠠ ᠠᠪᠤᠷᠭᠤ ᠭᠦᠷᠪᠡᠯ ᠤᠨ ᠬᠦᠯ ᠤᠨ ᠮᠦᠷ ᠤᠨ ᠴᠢᠯᠠᠭᠤᠵᠢᠮᠠᠯ ᠨᠡᠯᠢᠶᠡᠳ ᠡᠯᠪᠡᠭ ᠪᠤᠯᠠᠬᠲᠠᠵᠤ ᠪᠠᠶᠢᠨ᠎ᠠ᠃  http://mongol.people.com.cn/15832118.html      
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ