ᠦᠪᠦᠷ ᠮᠤᠩᠭᠤᠯ ᠤᠨ ︽ᠬᠤᠶᠠᠷ ᠡᠷᠲᠡᠨᠢ︾ ᠨᠢ ︽ᠵᠢᠭᠠᠯᠲᠠ ᠲᠤᠭ᠎ᠠ ᠶᠢᠨ ᠴᠠᠭ ᠡᠷᠢᠨ︾ ᠳᠤ ᠤᠷᠤᠪᠠ
ᠨᠡᠶᠢᠲᠡᠯᠡᠭᠰᠡᠨ ᠴᠠᠭ᠄
2020/12/3
     ᠰᠢᠨᠬᠤᠸᠠ ᠰᠦᠯᠵᠢᠶ᠎ᠡ   ᠶᠢᠨ ᠬᠦᠬᠡᠬᠤᠳᠠ ᠶᠢᠨ 11  ᠰᠠᠷ᠎ᠠ ᠶᠢᠨ 30   ᠤ  ᠡᠳᠣᠷ ᠤᠨ ᠮᠡᠳᠡᠭᠡ᠂ ᠦᠪᠦᠷ ᠮᠤᠩᠭᠤᠯ ᠤᠨ  ᠭᠤᠷᠪᠠᠨ ᠡᠷᠲᠡᠨᠢ ︽ᠲᠦᠮᠦᠰᠦ᠂  ᠶᠤᠤᠮᠠᠢ ᠶᠢᠨ  ᠭᠤᠯᠢᠷ᠂ ᠬᠤᠨᠢᠨ ᠠᠷᠠᠰᠤᠨ ᠲᠠᠪᠠᠯ︾ ᠠᠴᠠ ᠲᠦᠮᠦᠰᠦ ᠪᠤᠯᠤᠨ ᠶᠤᠤᠮᠠᠢ  ︽ ᠲᠣᠭᠠᠴᠠᠵᠢᠭᠤᠯᠣᠭᠰᠠᠨ︾ ᠬᠤᠷᠲᠤᠨ ᠲᠡᠷᠭᠡᠨ  ᠳᠤ ᠮᠤᠷᠲᠠᠨ ︽ᠵᠢᠭᠠᠯᠲᠠ ᠲᠤᠭ᠎ᠠ ᠶᠢᠨ ᠴᠠᠭ ᠡᠷᠢᠨ︾ ᠳᠤ ᠤᠷᠤᠪᠠ᠃ ᠲᠤᠰ ᠡᠲᠦᠷ ᠤᠨ  ᠦᠲᠡ ᠶᠢᠨ  ᠬᠤᠶᠢᠨ᠎ᠠ᠂ ︽ᠦᠪᠦᠷ  ᠮᠤᠩᠭᠤᠯ ᠤᠨ  ᠲᠦᠮᠦᠰᠦ ᠶᠢᠨ  ᠵᠢᠭᠠᠯᠲᠠ ᠲᠤᠭ᠎ᠠ︾ ᠬᠢᠭᠡᠳ ︽ᠦᠪᠦᠷ ᠮᠤᠩᠭᠤᠯ ᠤᠨ  ᠨᠤᠬᠠᠢ ᠶᠢᠨ ᠬᠤᠰᠢᠭᠤ ᠶᠢᠨ ᠵᠢᠭᠠᠯᠲᠠ ᠲᠤᠭ᠎ᠠ︾ ᠬᠦᠬᠡᠬᠤᠲᠠ ᠳᠤ ᠵᠢᠩᠭᠢᠨᠢ ᠪᠠᠷ ᠰᠦᠯᠢᠶᠡᠨ ᠳᠤ ᠭᠠᠷᠪᠠ᠃      ᠶᠡᠭᠡ ᠲᠤᠭ᠎ᠠ ᠪᠠᠷᠢᠮᠲᠠ ᠬᠢᠭᠡᠳ ᠤᠨᠴᠠᠯᠢᠭᠲᠤ ᠲᠠᠷᠢᠶᠠᠯᠠᠩ ᠤᠨ ᠭᠦᠨᠴᠡ ᠠᠭᠤᠰᠤᠯᠴᠠᠯ ᠢ ᠪᠡᠶᠡᠯᠡᠬᠦᠯᠵᠤ᠂ ᠠᠵᠤ ᠦᠢᠯᠡᠰ ᠤᠨ  ᠲᠠᠪᠠᠭᠤᠯᠢᠭ ᠲᠤ ᠲᠦᠰᠢᠭᠯᠡᠨ ᠦᠪᠦᠷ ᠮᠤᠩᠭᠤᠯ ᠤᠨ ᠤᠨᠴᠠᠯᠢᠭᠲᠤ ᠲᠠᠷᠢᠶᠠᠯᠠᠩ ᠤᠨ ᠪᠦᠲᠣᠭᠡᠭᠳᠡᠬᠦᠨ ᠤ ᠰᠤᠷᠠᠭ ᠴᠢᠮᠡᠭᠡ ᠵᠠᠷᠯᠠᠬᠤ ᠲᠦᠪ ᠪᠠᠶᠢᠷᠢ ᠰᠠᠭᠤᠷᠢ ᠶᠢ ᠪᠤᠢ ᠪᠤᠯᠭᠠᠬᠤ  ᠶᠢᠨ ᠲᠦᠯᠦᠭᠡ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ  ᠤᠷᠲᠤᠨ ᠲᠣᠭᠠᠴᠢᠯᠠᠯᠳᠠ ᠶᠢᠨ ᠠᠵᠤ ᠠᠬᠤᠶᠢᠯᠯ ᠳᠤ ᠨᠠᠶᠢᠲᠠᠨ ︽ᠦᠪᠦᠷ ᠮᠤᠩᠭᠤᠯ ᠤᠨ ᠲᠦᠮᠦᠰᠦ ᠶᠢᠨ ᠵᠢᠭᠠᠯᠲᠠ ᠲᠤᠭ᠎ᠠ︾ ᠬᠢᠭᠡᠳ ︽ᠦᠪᠦᠷ ᠮᠤᠩᠭᠤᠯ ᠤᠨ ᠨᠤᠬᠠᠢ ᠶᠢᠨ ᠬᠤᠰᠢᠭᠤ ᠶᠢᠨ ᠵᠢᠭᠠᠯᠲᠠ ᠲᠤᠭ᠎ᠠ︾ ᠨᠠᠶᠢᠷᠠᠭᠤᠯᠤᠨ ᠵᠤᠬᠢᠶᠠᠯᠭᠠᠵᠤ᠂  ᠬᠠᠷᠭᠠᠯᠵᠠᠬᠰᠠᠨ ᠵᠢᠭᠠᠯᠲᠠ ᠲᠤᠭ᠎ᠠ ᠶᠢᠨ ᠡᠬᠦᠲᠡ ᠡᠷᠦᠬᠡ ᠶᠢᠨ ᠰᠦᠯᠵᠢᠶ᠎ᠡ ᠶᠢᠨ ᠴᠡᠭ ᠪᠠᠶᠢᠭᠤᠯᠵᠤ᠂ ᠵᠢᠭᠠᠯᠲᠠ ᠲᠤᠭ᠎ᠠ ᠶᠢᠨ ᠬᠠᠮᠢᠶ᠎ᠠ ᠪᠦᠬᠦᠢ ᠮᠡᠳᠡᠭᠡ ᠵᠠᠩᠭᠢ ᠶᠢ ᠲᠣᠭᠲᠠᠮᠠᠯ ᠬᠤᠭᠤᠴᠠᠭ᠎ᠠ ᠲᠠᠢ ᠪᠠᠷ ᠨᠡᠶᠢᠳᠡᠯᠡᠪᠡ᠃     ᠤᠶᠢᠯᠠᠭᠠᠬᠰᠠᠨ ᠢᠶᠠᠷ᠂ ︽ᠦᠪᠦᠷ ᠮᠤᠩᠭᠤᠯ ᠤᠨ ᠲᠦᠮᠦᠰᠦ ᠶᠢᠨ ᠵᠢᠭᠠᠯᠲᠠ ᠲᠤᠭ᠎ᠠ︾ ᠬᠢᠭᠡᠳ ︽ᠦᠪᠦᠷ ᠮᠤᠩᠭᠤᠯ ᠤᠨ  ᠨᠤᠬᠠᠢ ᠶᠢᠨ ᠬᠤᠰᠢᠭᠤ  ᠶᠢᠨ ᠵᠢᠭᠠᠯᠲᠠ ᠲᠤᠭ᠎ᠠ︾ ᠶᠢ ᠪᠤᠯ ᠤᠳᠤ ᠦᠶ᠎ᠡ ᠶᠢᠨ ᠵᠢᠭᠠᠯᠲᠠ ᠲᠤᠭ᠎ᠠ ᠶᠢᠨ ᠪᠦᠷᠢᠳᠭᠡᠯ ᠤᠨ ᠰᠢᠨᠵᠢᠯᠡᠬᠦ ᠤᠬᠠᠭᠠᠨᠴᠢ ᠶᠤᠰᠤ᠂ ᠵᠢᠭᠠᠯᠲᠠ ᠲᠤᠭ᠎ᠠ ᠶᠢ ᠨᠠᠶᠢᠷᠠᠭᠤᠯᠤᠨ ᠵᠤᠬᠢᠶᠠᠬᠤ ᠲᠡᠷᠢᠬᠦᠨ ᠤ ᠠᠷᠭ᠎ᠠ ᠬᠡᠮᠵᠢᠶ᠎ᠡ ᠶᠢ ᠵᠢᠷᠤᠮᠯᠠᠨ᠂ ᠠᠵᠤ ᠦᠢᠯᠡᠰ ᠤᠨ ᠪᠤᠲᠠᠳᠤ ᠤᠨᠴᠠᠯᠢᠭ ᠯᠤᠭ᠎ᠠ ᠤᠶᠠᠯᠳᠤᠭᠤᠯᠤᠨ᠂ ᠤᠨᠤᠯ ᠤᠨ ᠰᠤᠳᠤᠯᠭ᠎ᠠ᠂ ᠪᠤᠲᠠᠲᠠᠢ ᠪᠠᠶᠢᠴᠠᠭᠠᠯᠲᠠ ᠬᠢᠬᠦ᠂ ᠲᠤᠰᠬᠠᠢ  ᠮᠡᠷᠭᠡᠵᠢᠯᠲᠡᠨ ᠵᠦᠪᠯᠡᠯᠭᠡ ᠦᠭᠬᠦ᠂ ᠦᠢᠯᠡᠲᠦᠯᠭᠡ ᠶᠢᠨ ᠬᠠᠶᠢᠯᠲᠠ ᠪᠠ ᠲᠣᠷᠰᠢᠨ ᠨᠠᠶᠢᠷᠠᠭᠤᠯᠤᠨ ᠵᠤᠬᠢᠶᠠᠬᠤ᠂ ᠲᠤᠷᠰᠢᠨ  ᠬᠡᠷᠡᠭᠵᠢᠬᠦᠯᠬᠦ ᠭᠤᠬᠴᠤᠭ᠎ᠠ ᠶᠢ ᠲᠠᠮᠵᠢᠨ ᠨᠠᠶᠢᠷᠠᠭᠤᠯᠤᠨ ᠵᠤᠬᠢᠶᠠᠬᠰᠠᠨ ᠪᠠᠶᠢᠨ᠎ᠠ᠃      ᠲᠦᠮᠦᠰᠦ ᠬᠢᠭᠡᠳ ᠨᠤᠬᠠᠢ ᠶᠢᠨ ᠬᠤᠰᠢᠭᠤ ᠶᠢᠨ ᠲᠠᠸᠠᠷ ᠤᠨ ᠬᠠᠷᠢᠶᠠᠯᠠᠭ᠎ᠠ ᠴᠢᠨᠠᠷ ᠪᠠ ᠠᠵᠤ ᠦᠢᠯᠡᠰ ᠤᠨ ᠬᠦᠭᠵᠢᠯᠲᠡ ᠶᠢᠨ  ᠴᠢᠭᠯᠡᠯ ᠯᠦᠭᠡ ᠤᠶᠠᠯᠳᠤᠭᠤᠯᠤᠨ᠂ ︽ᠦᠪᠦᠷ ᠮᠤᠩᠭᠤᠯ ᠤᠨ ᠲᠦᠮᠦᠰᠦ ᠶᠢᠨ ᠵᠢᠭᠠᠯᠲᠠ ᠲᠤᠭ᠎ᠠ︾ ᠳᠤ ᠭᠠᠷᠤᠯᠲᠠ ᠶᠢᠨ ᠭᠠᠵᠠᠷ ᠤᠷᠤᠨ ᠤ ᠲᠠᠸᠠᠷ ᠤᠨ ᠲᠦᠮᠦᠰᠦ ᠶᠢᠨ ᠦᠨ᠎ᠡ ᠬᠠᠩᠰᠢ ᠶᠢᠨ ᠵᠢᠭᠠᠯᠲᠠ ᠲᠤᠭ᠎ᠠ᠂ ᠭᠠᠷᠤᠯᠲᠠ ᠶᠢᠨ ᠭᠠᠵᠠᠷ ᠤᠨ ᠦᠷ᠎ᠡ ᠶᠢᠨ  ᠲᠦᠮᠦᠰᠦᠨ ᠤ ᠦᠨ᠎ᠡ ᠬᠠᠩᠰᠢ ᠶᠢᠨ ᠵᠢᠭᠠᠯᠲᠠ ᠲᠤᠭ᠎ᠠ᠂ ᠴᠠᠷᠲᠠᠭᠤᠯ  ᠤᠨ ᠦᠨ᠎ᠡ ᠬᠠᠩᠰᠢ ᠶᠢᠨ ᠵᠢᠭᠠᠯᠲᠠ ᠲᠤᠭ᠎ᠠ ᠪᠠ ᠠᠵᠤ ᠦᠢᠯᠡᠰ ᠤᠨ ᠬᠦᠭᠵᠢᠯ ᠤᠨ ᠵᠢᠭᠠᠯᠲᠠ ᠲᠤᠭ᠎ᠠ ᠵᠡᠷᠭᠡ ᠲᠦᠷᠪᠡᠨ ᠵᠦᠢᠯ ᠤᠨ ᠵᠢᠭᠠᠯᠲᠠ ᠲᠤᠭ᠎ᠠ ᠶᠢ ᠪᠠᠭᠲᠠᠭᠠᠵᠠᠢ᠃ ︽ᠦᠪᠦᠷ ᠮᠤᠩᠭᠤᠯ ᠤᠨ ᠨᠤᠬᠠᠢ ᠶᠢᠨ ᠬᠤᠰᠢᠭᠤ ᠶᠢᠨ ᠵᠢᠭᠠᠯᠲᠠ ᠲᠤᠭ᠎ᠠ︾ ᠳᠤ ᠨᠤᠬᠠᠢ ᠶᠢᠨ ᠬᠤᠰᠢᠭᠤ ᠶᠢᠨ ᠬᠠᠷ᠎ᠠ ᠪᠤᠲᠠᠭᠠᠨ ᠤ ᠦᠨ᠎ᠡ ᠬᠠᠩᠰᠢ ᠶᠢᠨ ᠵᠢᠭᠠᠯᠲᠠ ᠲᠤᠭ᠎ᠠ᠂ ᠨᠤᠬᠠᠢ ᠶᠢᠨ ᠬᠤᠰᠢᠭᠤ ᠪᠠᠷ ᠡᠳ᠋ᠰᠢᠬᠦᠯᠦᠭᠰᠡᠨ ᠪᠦᠲᠣᠭᠡᠭᠳᠡᠬᠦᠨ ᠤ ᠦᠨ᠎ᠡ ᠬᠠᠩᠰᠢ ᠶᠢᠨ  ᠵᠢᠭᠠᠯᠲᠠ ᠲᠤᠭ᠎ᠠ ᠪᠠ ᠠᠵᠤ ᠦᠢᠯᠡᠰ ᠤᠨ ᠬᠦᠭᠵᠢᠯ ᠤᠨ ᠵᠢᠭᠠᠯᠲᠠ ᠲᠤᠭ᠎ᠠ ᠶᠢ  ᠪᠠᠭᠲᠠᠭᠠᠵᠤ᠂ ᠦᠪᠦᠷ ᠮᠤᠩᠭᠤᠯ ᠤᠨ ᠬᠤᠶᠠᠷ ᠶᠡᠭᠡ ᠤᠨᠴᠠᠯᠢᠭᠲᠤ ᠲᠠᠷᠢᠶᠠᠯᠠᠩ ᠤᠨ ᠪᠦᠲᠣᠭᠡᠭᠳᠡᠬᠦᠨ ᠤ ᠦᠨ᠎ᠡ ᠬᠠᠩᠰᠢ ᠶᠢᠨ ᠬᠤᠪᠢᠷᠠᠯᠲᠠ ᠶᠢᠨ ᠪᠠᠶᠢᠲᠠᠯ᠂ ᠠᠵᠤ ᠦᠢᠯᠡᠰ ᠤᠨ   ᠬᠦᠭᠵᠢᠯ ᠤᠨ  ᠪᠠᠶᠢᠲᠠᠯ ᠢ ᠲᠤᠰ ᠲᠤᠰ ᠬᠠᠷᠠᠭᠤᠯᠤᠬᠰᠠᠨ ᠪᠠᠶᠢᠨ᠎ᠠ᠃     ︽︿ᠦᠪᠦᠷ ᠮᠤᠩᠭᠤᠯ ᠤᠨ ᠲᠦᠮᠦᠰᠦ ᠶᠢᠨ ᠵᠢᠭᠠᠯᠲᠠ ᠲᠤᠭ᠎ᠠ﹀᠂ ︿ᠦᠪᠦᠷ ᠮᠤᠩᠭᠤᠯ ᠤᠨ ᠨᠤᠬᠠᠢ ᠶᠢᠨ ᠬᠤᠰᠢᠭᠤ ᠶᠢᠨ  ᠵᠢᠭᠠᠯᠲᠠ ᠲᠤᠭ᠎ᠠ﹀︾ ᠨᠢ ᠠᠵᠤ ᠦᠢᠯᠡᠰ ᠤᠨ ᠬᠦᠭᠵᠢᠯᠲᠡ ᠶᠢᠨ ᠤᠲᠤᠬᠢ ᠪᠠᠶᠢᠲᠠᠯ ᠢ ᠪᠦᠬᠦ ᠲᠠᠯ᠎ᠠ ᠪᠠᠷ ᠲᠤᠰᠬᠠᠵᠤ᠂ ᠠᠵᠤ  ᠦᠢᠯᠡᠰ ᠤᠨ ᠬᠦᠭᠵᠢᠯᠲᠡ ᠶᠢᠨ ᠬᠠᠨᠳᠤᠰᠢ ᠶᠢ ᠵᠢᠱᠢᠵᠤ᠂ ᠵᠠᠰᠠᠭ ᠤᠨ ᠤᠷᠲᠤᠨ ᠤ ᠰᠢᠢᠳᠪᠣᠷᠢᠳᠣ ᠪᠤᠲᠤᠯᠭ᠎ᠠ ᠲᠤᠭᠲᠠᠭᠠᠬᠤ ᠳᠤᠨᠢ ᠯᠠᠪᠯᠠᠯᠲᠠ ᠬᠠᠩᠭᠠᠬᠤ ᠪᠤᠯᠤᠨ᠎ᠠ᠃︾ ᠦᠪᠦᠷ ᠮᠤᠩᠭᠤᠯ ᠤᠨ  ᠦᠪᠡᠷᠲᠡᠭᠡᠨ ᠵᠠᠰᠠᠬᠤ ᠤᠷᠤᠨ ᠤ ᠬᠦᠭᠵᠢᠯᠲᠡ ᠪᠠ ᠦᠭᠡᠷᠡᠴᠢᠯᠡᠯᠲᠡ ᠶᠢᠨ ᠵᠦᠪᠯᠡᠯ ᠤᠨ ᠲᠡᠳ᠋ ᠡᠷᠬᠢᠯᠡᠭᠴᠢ ᠸᠠᠩ ᠶᠢᠨ ᠪᠤᠤ ᠶᠢᠨ ᠲᠠᠨᠢᠯᠴᠠᠭᠤᠯᠬᠤ ᠳᠠᠭᠠᠨ᠄  ︽ᠦᠪᠦᠷ  ᠮᠤᠩᠭᠤᠯ  ᠤᠨ ᠲᠦᠮᠦᠰᠦ ᠶᠢᠨ  ᠵᠢᠭᠠᠯᠲᠠ ᠲᠤᠭ᠎ᠠ︾ ᠬᠢᠭᠡᠳ ︽ᠦᠪᠦᠷ ᠮᠤᠩᠭᠤᠯ ᠤᠨ ᠨᠤᠬᠠᠢ ᠶᠢᠨ ᠬᠤᠰᠢᠭᠤ ᠶᠢᠨ ᠵᠢᠭᠠᠯᠲᠠ ᠲᠤᠭ᠎ᠠ︾ ᠶᠢ ᠨᠠᠶᠢᠷᠠᠭᠤᠯᠤᠨ ᠵᠤᠬᠢᠶᠠᠬᠤ ᠪᠠᠷ ᠠᠨᠢᠰᠤ ᠪᠤᠯᠭᠠᠪᠠᠯ᠂ ᠶᠡᠭᠡ ᠲᠤᠭ᠎ᠠ ᠪᠠᠷᠢᠮᠲᠠ ᠶᠢ ᠡᠲᠡᠭᠡᠷ ᠠᠵᠤ ᠦᠢᠯᠡᠰ ᠤᠨ ᠦᠢᠯᠡᠳᠪᠦᠷᠢᠯᠡᠯ ᠡᠳ᠋ᠰᠢᠬᠦᠯᠦᠯ᠂  ᠡᠵᠡᠩᠨᠡᠯᠲᠡ ᠬᠠᠮᠢᠶᠠᠷᠤᠯᠲᠠ᠂ ᠵᠠᠬ᠎ᠠ ᠲᠡᠯᠭᠡᠭᠦᠷ ᠤᠨ ᠪᠤᠷᠤᠯᠠᠭᠤᠯᠭ᠎ᠠ ᠵᠡᠷᠭᠡ ᠲᠠᠯ᠎ᠠ ᠳᠤ ᠠᠭᠤᠰᠤᠯᠴᠠᠭᠤᠯᠤᠨ ᠬᠡᠷᠡᠭᠯᠡᠵᠦ ᠪᠤᠯᠬᠤ ᠪᠠ  ᠦᠪᠡᠷᠲᠡᠭᠡᠨ ᠵᠠᠰᠠᠬᠤ ᠤᠷᠤᠨ ᠤ ᠬᠢᠨ ᠤᠯᠤᠰ ᠭᠡᠷ ᠤᠨ ᠶᠡᠭᠡ ᠲᠤᠭ᠎ᠠ ᠪᠠᠷᠢᠮᠲᠠ ᠶᠢᠨ ᠪᠠᠶᠢᠯᠳᠤᠬᠤ ᠪᠤᠲᠤᠯᠭ᠎ᠠ ᠶᠢ  ᠦᠢᠯᠡᠲᠦᠯᠭᠡᠵᠢᠬᠦᠯᠬᠦ᠂ ᠤᠯᠤᠰ ᠭᠡᠷ ᠤᠨ ᠶᠡᠭᠡ ᠲᠤᠭ᠎ᠠ ᠪᠠᠷᠢᠮᠲᠠ ᠶᠢᠨ ᠶᠡᠷᠦᠩᠬᠡᠶᠢᠯᠡᠭᠰᠡᠨ ᠲᠤᠷᠰᠢᠯᠲᠠ ᠶᠢᠨ ᠤᠷᠤᠨ ᠤ ᠪᠦᠲᠦᠭᠡᠨ ᠪᠠᠶᠢᠭᠤᠯᠤᠯᠲᠠ ᠶᠢ ᠠᠬᠢᠭᠤᠯᠬᠤ ᠳᠤ ᠲᠤᠰᠠᠲᠠᠢ ᠶᠤᠮ ᠭᠡᠪᠡ᠃ http://mongol.people.com.cn/15831574.html
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ