ᠢᠷᠡᠬᠦ ᠵᠢᠯ ᠤᠨ 1 ᠰᠠᠷ᠎ᠠ ᠶᠢᠨ 1 ᠤ ᠡᠳᠦᠷ ᠠᠴᠠ ᠬᠤᠲᠠ ᠶᠢᠨ ᠲᠣᠭᠤᠷᠢᠭ ᠤᠨ 35 ᠵᠠᠮ ᠤᠨ ᠠᠭᠤᠯᠵᠠᠷ  ᠤᠨ ᠵᠠᠮ ᠬᠠᠷᠢᠯᠴᠠᠭᠠᠨ ᠤ ᠬᠠᠤᠯᠢ ᠠᠴᠠ ᠵᠥᠷᠢᠴᠡᠬᠦ ᠠᠵᠢᠯᠯᠠᠭ᠎ᠠ ᠶᠢ ᠰᠡᠭᠦᠳᠡᠷᠯᠡᠬᠦ ᠰᠢᠰᠲ᠋ᠧᠮ ᠢ ᠵᠢᠩᠬᠢᠨᠢ ᠪᠠᠷ ᠬᠡᠷᠡᠭᠯᠡᠬᠦ ᠪᠠᠷ ᠪᠤᠢ
ᠨᠡᠶᠢᠲᠡᠯᠡᠭᠰᠡᠨ ᠴᠠᠭ᠄
2020/12/17
      ᠬᠥᠬᠡᠬᠤᠲᠠ ᠶᠢᠨ ᠡᠳᠦᠷ ᠤᠨ ᠰᠣᠨᠢᠨ ᠤ ᠮᠡᠳᠡᠭᠡ ︵ᠰᠤᠷᠪᠤᠯᠵᠢᠯᠠᠭᠴᠢ ᠯᠢᠦ ᠵᠢᠶᠦ᠋ᠨ︶ ᠰᠤᠷᠪᠤᠯᠵᠢᠯᠠᠭᠴᠢ ᠬᠤᠲᠠ ᠶᠢᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠰᠠᠯᠪᠤᠷᠢ ᠠᠩᠭᠢ ᠠᠴᠠ ᠣᠶᠢᠯᠠᠭᠠᠭᠰᠠᠨ ᠢᠶᠠᠷ᠂ ᠣᠷᠣᠨ ᠤ ᠲᠥᠪ ᠤᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠬᠢᠷᠢ ᠲᠦᠪᠰᠢᠨ ᠢ ᠴᠢᠨᠠᠬᠰᠢᠳᠠ ᠳᠡᠭᠡᠭᠰᠢᠯᠡᠭᠦᠯᠵᠦ᠂ ᠵᠠᠮ ᠬᠠᠷᠢᠯᠴᠠᠭᠠᠨ ᠤ ᠰᠠᠶᠢᠨ ᠰᠠᠶᠢᠬᠠᠨ ᠣᠷᠴᠢᠨ ᠨᠥᠬᠦᠴᠡᠯ ᠢ ᠪᠣᠶ ᠪᠣᠯᠭᠠᠬᠤ ᠶᠢᠨ ᠲᠥᠯᠥᠭᠡ᠂ ᠬᠦᠬᠡᠬᠤᠳᠠ ᠵᠠᠮ ᠬᠠᠷᠢᠯᠴᠠᠭᠠᠨ ᠤ ᠮᠡᠷᠭᠡᠵᠢᠯ ᠤᠨ ᠬᠢᠨᠠᠨ ᠡᠵᠡᠮᠳᠡᠬᠦ ᠰᠢᠰᠲ᠋ᠧᠮ ᠢ ᠰᠢᠨ᠎ᠡ ᠪᠠᠷ ᠪᠠᠶᠢᠭᠤᠯᠬᠤ ᠪᠠ ᠥᠭᠡᠷᠡᠴᠢᠯᠡᠨ ᠪᠠᠶᠢᠭᠤᠯᠵᠦ᠂ ᠣᠲᠣ ᠨᠢᠭᠡᠨᠲᠡ 35 ᠵᠠᠮ ᠤᠨ ᠠᠭᠤᠯᠵᠠᠷ ᠤᠨ ᠵᠠᠮ ᠬᠠᠷᠢᠯᠴᠠᠭᠠᠨ ᠤ ᠬᠠᠤᠯᠢ ᠠᠴᠠ ᠵᠥᠷᠢᠴᠡᠬᠦ ᠠᠵᠢᠯᠯᠠᠭ᠎ᠠ ᠶᠢ ᠰᠡᠭᠦᠳᠡᠷᠯᠡᠬᠦ 220 ᠢᠵᠢ ᠰᠢᠰᠲ᠋ᠧᠮ ︵ᠡᠯᠧᠺᠲᠷᠣᠨ ᠴᠠᠭᠳᠠᠭ᠎ᠠ︶ ᠢ ᠵᠢᠷᠤᠮᠵᠢᠯ ᠤᠨ ᠱᠠᠭᠠᠷᠳᠠᠯᠭ᠎ᠠ ᠳᠤ ᠬᠦᠷᠭᠡᠵᠦ᠂ 2021 ᠣᠨ ᠤ 1 ᠰᠠᠷ᠎ᠠ ᠶᠢᠨ 1 ᠤ ᠡᠳᠦᠷ ᠠᠴᠠ ᠵᠢᠩᠬᠢᠨᠢ ᠪᠠᠷ ᠬᠡᠷᠡᠭᠯᠡᠬᠦ ᠪᠠᠷ ᠪᠤᠢ      ᠣᠶᠢᠯᠠᠭᠠᠭᠰᠠᠨ ᠢᠶᠠᠷ᠂ ᠬᠤᠳᠠ ᠲᠣᠭᠤᠷᠢᠭ ᠤᠨ 35 ᠵᠠᠮ ᠤᠨ ᠠᠭᠤᠯᠵᠠᠷ ᠤᠨ ᠵᠠᠮ ᠬᠠᠷᠢᠯᠴᠠᠭᠠᠨ ᠤ ᠬᠠᠤᠯᠢ ᠠᠴᠠ ᠵᠥᠷᠢᠴᠡᠬᠦ ᠠᠵᠢᠯᠯᠠᠭ᠎ᠠ ᠶᠢ ᠰᠡᠭᠦᠳᠡᠷᠯᠡᠬᠦ ᠰᠢᠰᠲ᠋ᠧᠮ ︵ᠡᠯᠧᠺᠲᠷᠣᠨ ᠴᠠᠭᠳᠠᠭ᠎ᠠ︶ ᠢ ᠡᠬᠢᠯᠡᠨ ᠬᠡᠷᠡᠭᠯᠡᠬᠦ ᠵᠠᠮ ᠤᠨ ᠠᠭᠤᠯᠵᠠᠷ ᠢ ᠪᠤᠳᠠᠳᠠᠢ ᠪᠠᠷ ᠬᠡᠯᠡᠪᠡᠯ᠂ ᠰᠠᠶᠢᠬᠠᠨ ᠲᠣᠭᠤᠷᠢᠭ᠄  ᠴᠡᠯᠡᠭᠡᠷ ᠲᠠᠯ᠎ᠠ ᠶᠡᠭᠡ ᠵᠡᠭᠡᠯᠢ ᠪᠣᠯᠤᠨ ᠵᠡᠭᠦᠨ ᠬᠤᠶᠠᠳᠤᠭᠠᠷ ᠲᠣᠭᠤᠷᠢᠯ ᠵᠠᠮ ᠤᠨ ᠠᠯᠤᠬᠠᠨ ᠵᠠᠮ ᠤᠨ ᠠᠭᠤᠯᠵᠠᠷ᠂ ᠰᠢᠦᠧᠠᠢ ᠶᠦ᠋ᠧᠠᠨ ᠵᠡᠭᠦᠨ ᠵᠡᠭᠡᠯᠢ ᠪᠣᠯᠤᠨ ᠵᠡᠭᠦᠨ ᠬᠤᠶᠠᠳᠤᠭᠠᠷ ᠲᠣᠭᠤᠷᠢᠯ ᠵᠠᠮ ᠤᠨ ᠠᠭᠤᠯᠵᠠᠷ᠂ ᠶᠡᠭᠡ ᠰᠤᠷᠭᠠᠭᠤᠯᠢ ᠶᠢᠨ ᠵᠡᠭᠦᠨ ᠵᠡᠭᠡᠯᠢ ᠪᠣᠯᠤᠨ ᠵᠡᠭᠦᠨ ᠬᠤᠶᠠᠳᠤᠭᠠᠷ ᠲᠣᠭᠤᠷᠢᠯ ᠵᠠᠮ ᠤᠨ ᠠᠭᠤᠯᠵᠠᠷ᠂ ᠷᠦ᠋ ᠢ ᠾᠧ ᠶᠡᠭᠡ ᠵᠡᠭᠡᠯᠢ ᠪᠣᠯᠤᠨ  ᠠᠵᠠᠳᠠᠢ ᠵᠠᠮ ᠤᠨ ᠠᠭᠤᠯᠵᠠᠷ᠂ ᠰᠢᠦᠧᠠᠢ ᠶᠦ᠋ᠧᠠᠨ ᠵᠡᠭᠦᠨ ᠵᠡᠭᠡᠯᠢ ᠪᠣᠯᠤᠨ ᠳ᠋ᠢᠩ ᠰᠢᠶᠠᠩ ᠡᠮᠦᠨ᠎ᠡ ᠵᠠᠮ ᠤᠨ ᠠᠭᠤᠯᠵᠠᠷ᠂ ᠶᠡᠭᠡ ᠰᠤᠷᠭᠠᠭᠤᠯᠢ ᠶᠢᠨ ᠵᠡᠭᠦᠨ ᠵᠡᠭᠡᠯᠢ ᠪᠣᠯᠤᠨ ᠷᠦ᠋ ᠢ ᠡᠮᠦᠨ᠎ᠡ ᠵᠠᠮ ᠤᠨ ᠠᠯᠤᠬᠠᠨ ᠵᠠᠮ ᠤᠨ ᠠᠭᠤᠯᠵᠠᠷ᠂ ᠥᠨᠢᠷ ᠵᠡᠭᠦᠨ ᠵᠡᠭᠡᠯᠢ ᠪᠠ ᠱᠦ᠋ᠧᠠᠩ ᠾᠧ ᠵᠠᠮ ᠤᠨ ᠠᠯᠤᠬᠠᠨ ᠵᠠᠮ ᠤᠨ ᠠᠭᠤᠯᠵᠠᠷ᠂ ᠷᠦ᠋ ᠢ ᠾᠧ ᠶᠡᠭᠡ ᠵᠡᠭᠡᠯᠢ ᠪᠣᠯᠤᠨ ᠷᠦ᠋ ᠢ ᠡᠮᠦᠨ᠎ᠡ ᠵᠠᠮ ᠤᠨ ᠠᠭᠤᠯᠵᠠᠷ᠂ ᠪᠤᠭᠤᠲᠤ ᠶᠡᠭᠡ ᠵᠡᠭᠡᠯᠢ ᠪᠣᠯᠤᠨ ᠶᠢᠨ ᠴᠢᠶᠣᠤ ᠵᠠᠮ ᠤᠨ ᠠᠭᠤᠯᠵᠠᠷ᠂ ᠱᠢ ᠵᠢᠶ ᠶᠡᠭᠡ ᠵᠡᠭᠡᠯᠢ ᠪᠣᠯᠤᠨ ᠵᠤᠤ ᠤᠳᠠ ᠵᠠᠮ ᠤᠨ ᠠᠯᠤᠬᠠᠨ ᠵᠠᠮ ᠤᠨ ᠠᠭᠤᠯᠵᠠᠷ᠂ ᠤᠰᠤᠨ ᠳᠡᠭᠡᠷᠡᠬᠢ ᠴᠡᠴᠡᠷᠯᠢᠭ ᠬᠤᠶᠢᠲᠤ ᠵᠡᠭᠡᠯᠢ ᠬᠢᠭᠡᠳ ᠬᠥᠯᠥᠨ ᠪᠤᠶᠢᠷ ᠡᠮᠦᠨ᠎ᠡ ᠵᠠᠮ ᠤᠨ ᠠᠭᠤᠯᠵᠠᠷ᠂ ᠣᠷᠳᠣᠰ ᠵᠡᠭᠦᠨ ᠵᠡᠭᠡᠯᠢ ᠪᠣᠯᠤᠨ ᠳ᠋ᠦᠩ ᠶᠢᠩ ᠡᠮᠦᠨ᠎ᠡ ᠵᠠᠮ ᠤᠨ ᠠᠭᠤᠯᠵᠠᠷ᠂ ᠶᠢᠨ ᠾᠧ ᠡᠮᠦᠨ᠎ᠡ ᠵᠡᠭᠡᠯᠢ ᠪᠣᠯᠤᠨ ᠠᠯᠲᠠᠨ ᠶᠡᠭᠡ ᠵᠡᠭᠡᠯᠢ ᠶᠢᠨ ᠵᠡᠭᠦᠨ ᠲᠤᠭᠤᠷᠢᠦ ᠵᠠᠮ ᠤᠨ ᠠᠯᠤᠬᠠᠨ ᠵᠠᠮ ᠤᠨ ᠠᠭᠤᠯᠵᠠᠷ᠂ ᠴᠢᠨᠳᠠᠮᠤᠨᠢ ᠵᠠᠮ ᠪᠣᠯᠤᠨ ᠲᠧᠩ ᠹᠧᠶ ᠡᠮᠦᠨ᠎ᠡ ᠵᠠᠮ ᠤᠨ ᠠᠭᠤᠯᠵᠠᠷ᠂ ᠱᠦ᠋ᠧᠠᠩ ᠲᠠᠢ ᠱᠢ ᠵᠡᠭᠡᠯᠢ ᠪᠠ ᠬᠤᠶᠢᠳᠦ ᠴᠤᠷᠪᠤᠭ᠎ᠠ ᠵᠠᠮ ᠤᠨ ᠠᠭᠤᠯᠵᠠᠷ᠂ ᠴᠦᠡᠭᠭᠦᠷ ᠪᠠᠷᠠᠭᠤᠨ ᠵᠡᠭᠡᠯᠢ ᠪᠠ ᠬᠢᠩᠭᠠᠨ ᠡᠮᠦᠨ᠎ᠡ ᠵᠠᠮ ᠤᠨ ᠠᠯᠤᠬᠠᠨ ᠵᠠᠮ ᠤᠨ ᠠᠭᠤᠯᠵᠠᠷ ᠪᠤᠯᠤᠨ᠎ᠠ᠃ ᠰᠢᠨ᠎ᠡ ᠬᠤᠲᠠ ᠲᠣᠭᠤᠷᠢᠭ᠄ ᠱᠧᠩ ᠯᠢ ᠵᠡᠭᠡᠯᠢ ᠪᠣᠯᠤᠨ ᠬᠥᠯᠥᠨ ᠪᠤᠶᠢᠷ ᠬᠤᠶᠢᠲᠤ ᠵᠠᠮ ᠤᠨ ᠠᠭᠤᠯᠵᠠᠷ᠂ ᠴᠢᠩᠭᠢᠰ ᠬᠠᠭᠠᠨ ᠤ ᠶᠡᠭᠡ ᠵᠡᠭᠡᠯᠢ ᠪᠣᠯᠤᠨ ᠴᠠᠭ ᠠᠭᠤᠷ ᠤᠨ ᠲᠣᠪᠴᠢᠶ᠎ᠠ ᠶᠢᠨ ᠪᠠᠷᠠᠭᠤᠨ ᠭᠤᠳᠤᠮᠵᠢ ᠶᠢᠨ ᠵᠠᠮ ᠤᠨ ᠠᠭᠤᠯᠵᠠᠷ᠂ ᠰᠢᠨᠬᠤᠧᠠ ᠶᠡᠭᠡ ᠵᠡᠭᠡᠯᠢ ᠪᠣᠯᠤᠨ ᠶᠢᠩ ᠪᠢᠨ ᠵᠠᠮ ᠤᠨ ᠠᠭᠤᠯᠵᠠᠷ᠂ ᠰᠢᠨᠬᠤᠧᠠ ᠵᠡᠭᠦᠨ ᠵᠡᠭᠡᠯᠢ ᠪᠣᠯᠤᠨ ᠲᠧᠩ ᠹᠧᠶ ᠵᠠᠮ ᠤᠨ ᠠᠭᠤᠯᠵᠠᠷ᠂  ᠭᠤᠧᠠᠩ ᠬᠤᠧᠠ ᠵᠡᠭᠡᠯᠢ ᠪᠣᠯᠤᠨ ᠳ᠋ᠦᠩ ᠶᠢᠩ ᠬᠤᠶᠢᠲᠤ ᠵᠠᠮ ᠤᠨ ᠠᠭᠤᠯᠵᠠᠷ᠂ ᠴᠢᠩᠭᠢᠰ ᠬᠠᠭᠠᠨ ᠵᠡᠭᠦᠨ ᠵᠡᠭᠡᠯᠢ ᠪᠣᠯᠤᠨ ᠲᠧᠩ ᠹᠧᠶ ᠬᠤᠶᠢᠲᠤ ᠵᠠᠮ ᠤᠨ ᠠᠭᠤᠯᠵᠠᠷ᠂ ᠠᠯᠲᠠᠶ ᠡᠮᠦᠨ᠎ᠡ ᠵᠡᠭᠡᠯᠢ ᠪᠣᠯᠤᠨ ᠹᠧᠩᠵᠧᠤ ᠬᠤᠶᠢᠲᠤ ᠵᠠᠮ ᠤᠨ ᠠᠭᠤᠯᠵᠠᠷ ᠪᠤᠯᠤᠨ᠎ᠠ ᠃ ᠬᠤᠲᠣᠩ ᠠᠷᠠᠳ ᠤᠨ ᠲᠣᠭᠤᠷᠢᠭ᠄ ᠵᠦᠩ ᠱᠠᠨ ᠪᠠᠷᠠᠭᠤᠨ ᠵᠠᠮ ᠬᠢᠭᠡᠳ ᠱᠢ ᠶᠠᠩ ᠴᠢᠶᠣᠤ ᠵᠠᠮ ᠤᠨ ᠠᠭᠤᠯᠵᠠᠷ᠂ ᠵᠦᠩ ᠱᠠᠨ ᠪᠠᠷᠠᠭᠤᠨ ᠵᠠᠮ ᠬᠢᠭᠡᠳ ᠬᠤᠶᠢᠳᠦ ᠶᠡᠭᠡ ᠵᠡᠭᠡᠯᠢ ᠶᠢᠨ ᠠᠭᠤᠯᠵᠠᠷ᠂ ᠤᠯᠠᠭᠠᠨ ᠲᠢᠶᠠᠲᠷ ᠤᠨ ᠪᠠᠷᠠᠭᠤᠨ ᠵᠡᠭᠡᠯᠢ ᠬᠢᠭᠡᠳ ᠰᠣᠶᠣᠯ ᠤᠨ ᠣᠷᠳᠣᠨ ᠵᠠᠮ ᠤᠨ ᠠᠭᠤᠯᠵᠠᠷ᠂ ᠰᠢᠨᠬᠤᠧᠠ ᠪᠠᠷᠠᠭᠤᠨ ᠵᠡᠭᠡᠯᠢ ᠬᠢᠭᠡᠳ ᠠᠵᠢᠯᠴᠢᠨ ᠬᠤᠶᠢᠲᠤ ᠵᠠᠮ ᠤᠨ ᠠᠭᠤᠯᠵᠠᠷ᠂ ᠴᠢᠩᠭᠢᠰ ᠬᠠᠭᠠᠨ ᠪᠠᠷᠠᠭᠤᠨ ᠵᠡᠭᠡᠯᠢ ᠬᠢᠭᠡᠳ ᠠᠵᠢᠯᠴᠢᠨ ᠲᠠᠷᠢᠶᠠᠴᠢᠨ ᠴᠡᠷᠢᠭ ᠵᠠᠮ ᠤᠨ ᠠᠭᠤᠯᠵᠠᠷ᠂ ᠴᠢᠩᠭᠢᠰ ᠬᠠᠭᠠᠨ ᠪᠠᠷᠠᠭᠤᠨ ᠵᠡᠭᠡᠯᠢ ᠬᠢᠭᠡᠳ ᠲᠠᠯ᠎ᠠ ᠨᠤᠲᠤᠭ ᠤᠨ ᠬᠡᠷᠡᠯᠳᠦ ᠰᠤᠪᠤᠳ ᠪᠠᠷᠠᠭᠤᠨ ᠵᠠᠮ ᠤᠨ ᠠᠭᠤᠯᠵᠠᠷ᠂ ᠶᠢᠨ ᠡᠤ ᠵᠠᠮ ᠬᠢᠭᠡᠳ ᠾᠦᠢ ᠶᠢᠨ ᠵᠠᠮ ᠤᠨ ᠠᠭᠤᠯᠵᠠᠷ᠂ ᠰᠢᠨ ᠮᠧᠩ ᠶᠢᠦ ᡁᠢ ᠵᠠᠮ ᠬᠢᠭᠡᠳ ᠹᠧᠩ ᠵᠧᠦ ᠲᠠᠨ ᠵᠠᠮ ᠤᠨ ᠠᠯᠤᠬᠠᠨ ᠵᠠᠮ ᠤᠨ ᠠᠭᠤᠯᠵᠠᠷ ᠪᠤᠯᠤᠨ᠎ᠠ᠃ ᠢᠦᠢ ᠴᠢᠦᠸᠠᠨ ᠲᠣᠭᠤᠷᠢᠭ᠄  ᠵᠢᠶᠠᠨ ᠺᠠᠩ ᠵᠡᠭᠡᠯᠢ ᠬᠢᠭᠡᠳ ᠰᠢᠯᠢ ᠶᠢᠨ ᠭᠤᠣᠯ ᠡᠮᠦᠨ᠎ᠡ ᠵᠠᠮ ᠤᠨ ᠠᠯᠤᠬᠠᠨ ᠵᠠᠮ ᠤᠨ ᠠᠭᠤᠯᠵᠠᠷ᠂ ᠤᠷᠳᠤᠰ ᠶᠡᠭᠡ ᠵᠡᠭᠡᠯᠢ ᠬᠢᠭᠡᠳ ᠶᠦᠨ ᠵᠦᠩ ᠵᠠᠮ ᠤᠨ ᠠᠭᠤᠯᠵᠠᠷ᠂ ᠤᠷᠳᠤᠰ ᠶᠡᠭᠡ ᠵᠡᠭᠡᠯᠢ ᠬᠢᠭᠡᠳ ᠴᠢᠦᠧᠠᠨ ᠶᠦ᠋ᠧᠠᠨ ᠭᠤᠳᠤᠮᠵᠢ ᠶᠢᠨ ᠠᠯᠤᠬᠠᠨ ᠵᠠᠮ ᠤᠨ ᠠᠭᠤᠯᠵᠠᠷ᠂ ᠤᠷᠳᠤᠰ ᠵᠡᠭᠡᠯᠢ ᠬᠢᠭᠡᠳ ᠵᠤᠤ ᠵᠢᠶᠦ᠋ᠨ ᠵᠠᠮ ᠤᠨ ᠠᠭᠤᠯᠵᠠᠷ ᠪᠤᠯᠤᠨ᠎ᠠ᠃http://10.2.51.10:82/cms/template/NewsView.jsp?id=15832949
 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号