ᠬᠤᠷᠢᠩᠭᠡᠷ ᠰᠢᠶᠠᠨ᠄ ︽ᠭᠤᠤᠯ ᠤᠨ ᠲᠠᠷᠤᠭ᠎ᠠ︾ ᠶᠢᠨ ᠲᠦᠷᠢᠮ ᠢ ᠰᠠᠶᠢᠳᠤᠷ ᠬᠡᠷᠡᠭᠯᠡᠵᠦ᠂ ︽ᠤᠰᠤᠨ  ᠤ  ᠵᠤᠬᠢᠶᠠᠯ︾ ᠢ ᠠᠮᠢᠲᠤᠯᠢᠭ ᠵᠤᠬᠢᠶᠠᠮᠤᠢ
ᠨᠡᠶᠢᠲᠡᠯᠡᠭᠰᠡᠨ ᠴᠠᠭ᠄
2020/11/3
    ᠬᠦᠬᠡᠬᠤᠲᠠ ᠶᠢᠨ ᠬᠤᠷᠢᠨᠬᠡᠷ ᠰᠢᠶᠠᠨ ︽ᠭᠤᠤᠯ ᠤᠨ ᠲᠠᠷᠤᠭ᠎ᠠ︾ ᠶᠢᠨ ᠲᠦᠷᠢᠮ ᠢ ᠪᠦᠬᠦ ᠲᠠᠯ᠎ᠠ ᠪᠠᠷ  ᠪᠠᠶᠢᠭᠤᠯᠵᠤ ᠡᠬᠢᠯᠡᠭᠰᠡᠨ ᠠᠴᠠ ᠪᠠᠨ ᠪᠦᠬᠦ ᠲᠠᠯ᠎ᠠ ᠪᠠᠷ ᠦᠷ᠎ᠡ ᠪᠦᠲᠦᠮᠵᠢ ᠤᠯᠵᠤ᠂ ᠪᠦᠬᠦ ᠰᠢᠶᠠᠨ ᠤ ᠨᠠᠭᠤᠷ ᠴᠦᠬᠦᠷᠡᠮ ᠤᠨ ᠨᠢᠭᠤᠷ ᠲᠦᠷᠰᠦ ᠮᠡᠲᠡᠭᠲᠡᠬᠦᠶᠢᠴᠡ ᠰᠠᠶᠢᠵᠢᠷᠠᠨ᠂ ᠤᠰᠤᠨ ᠤ ᠤᠷᠴᠢᠨ ᠠᠬᠤᠢ ᠶᠢᠨ ᠴᠢᠨᠠᠷ ᠴᠢᠨᠰᠠᠭ᠎ᠠ ᠲᠠᠰᠤᠷᠠᠭ᠎ᠠ ᠦᠭᠡᠢ ᠲᠡᠭᠡᠭᠰᠢᠯᠡᠵᠦ᠂ ︽ᠭᠤᠤᠯ ᠨᠢ ᠰᠢᠯᠤᠭᠤᠨ᠂ ᠤᠰᠤ ᠨᠢ ᠲᠤᠩᠭᠠᠯᠠᠭ᠂ ᠡᠷᠬᠢ ᠨᠢ ᠨᠤᠭᠤᠭᠠᠨ᠂ ᠦᠵᠡᠮᠵᠢ ᠨᠢ ᠭᠤᠶᠤ︾ ᠪᠤᠯᠤᠬᠰᠠᠨ ᠰᠢᠨ᠎ᠡ ᠵᠢᠷᠤᠭ ᠤᠨ ᠬᠠᠭᠤᠲᠠᠰᠤ ᠶᠠᠭ ᠰᠠᠶ᠋ᠢᠬᠠᠨ ᠠᠶᠠᠷᠬᠠᠨ ᠲᠡᠯᠭᠡᠭᠲᠡᠯ᠎ᠡ᠃   ︽ᠭᠤᠤᠯ ᠤᠨ ᠲᠠᠷᠤᠭ᠎ᠠ︾ ᠶᠢᠨ ᠲᠦᠷᠢᠮ ᠢ ᠨᠠᠶᠢᠲᠠᠪᠤᠷᠢᠵᠢᠭᠤᠯᠬᠤ ᠳᠤ ᠬᠤᠷᠢᠩᠭᠡᠷ ᠤᠷᠢᠶ᠎ᠠ ᠬᠠᠰᠭᠢᠷᠤᠭᠠᠳ ᠯᠠ ᠪᠠᠶᠢᠬᠰᠠᠨ ᠪᠢᠰᠢ᠂ ᠬᠠᠷᠢᠨ ᠨᠠᠶᠢᠲᠠᠪᠤᠷᠢᠵᠢᠭᠤᠯᠤᠯᠲᠠ ᠶᠢ ᠠᠳᠬᠤᠵᠠᠢ᠃     ᠨᠠᠭᠤᠷ ᠭᠤᠤᠯ ᠤᠨ ᠲᠤᠪᠤᠶᠢᠮ᠎ᠠ ᠠᠰᠠᠭᠤᠲᠠᠯ ᠳᠤ ᠴᠢᠭᠯᠡᠬᠦᠯᠦᠨ᠂ ᠬᠤᠷᠢᠨᠬᠡᠷ ᠰᠢᠶᠠᠨ ᠤᠰᠤᠨ ᠤ ᠡᠬᠢ ᠰᠤᠷᠪᠤᠯᠵᠢ ᠶᠢ ᠬᠠᠮᠠᠭᠠᠯᠠᠬᠤ᠂ ᠤᠰᠤᠨ ᠤ ᠪᠤᠬᠢᠷᠲᠤᠯ ᠢ ᠰᠡᠷᠭᠡᠶᠢᠯᠡᠬᠦ᠂ ᠤᠰᠤᠨ ᠤ ᠤᠷᠴᠢᠨ ᠠᠬᠤᠢ ᠶᠢ  ᠰᠠᠶᠢᠵᠢᠷᠠᠭᠤᠯᠬᠤ᠂ ᠤᠰᠤᠨ ᠤ ᠠᠮᠢ ᠠᠬᠤᠢ ᠶᠢ ᠵᠠᠰᠠᠨ ᠰᠡᠷᠬᠦᠭᠡᠬᠦ ᠪᠠᠷ ᠭᠤᠤᠯ ᠡᠬᠦᠷᠭᠡ ᠪᠠᠨ ᠪᠤᠯᠭᠠᠵᠤ᠂ ᠭᠤᠤᠯ  ᠤᠨ ᠪᠠᠶᠢᠲᠠᠯ ᠢ ᠦᠨᠲᠦᠰᠦᠯᠡᠨ ᠠᠷᠭ᠎ᠠ ᠬᠡᠷᠡᠭᠯᠡᠨ᠂ ᠨᠢᠭᠡ ᠭᠤᠤᠯ ᠳᠤ ᠨᠢᠭᠡ ᠠᠷᠭ᠎ᠠ ᠠᠪᠴᠤ᠂ ᠪᠦᠬᠦ ᠰᠢᠶᠠᠨ ᠤ  ᠨᠠᠭᠤᠷ ᠭᠤᠤᠯ ᠤᠨ ᠵᠠᠰᠠᠯᠭ᠎ᠠ ︽ᠪᠠᠶᠢᠩᠭᠤ ᠵᠠᠰᠠᠵᠤ ᠤᠷᠲᠤ ᠬᠤᠭᠤᠴᠠᠭ᠎ᠠ ᠲᠤᠩᠭᠠᠯᠠᠭ︾ ᠪᠠᠶᠢᠯᠭᠠᠬᠤ ᠳᠤ ᠪᠠᠳᠤ ᠰᠠᠭᠤᠷᠢ ᠲᠠᠯᠪᠢᠵᠤ ᠦᠭᠪᠡ᠃     ᠤᠰᠤᠨ ᠰᠢᠰᠲ᠋ᠧᠮ ᠤᠨ ᠵᠠᠰᠠᠯᠭ᠎ᠠ ᠶᠢᠨ ᠲᠦᠯᠦᠪᠵᠢᠬᠦᠯᠭᠡ ᠪᠠᠷ ᠤᠳᠤᠷᠢᠳᠤᠮᠵᠢ ᠪᠤᠯᠭᠠᠪᠠ᠃ ᠨᠢᠭᠡ ᠭᠤᠤᠯ  ᠳᠤ ᠨᠢᠭᠡ ᠠᠷᠭ᠎ᠠ ᠠᠪᠬᠤ ᠵᠠᠷᠴᠢᠮ ᠢᠶᠠᠷ᠂ ᠡᠯ᠎ᠡ ᠰᠠᠪᠠ ᠭᠠᠵᠠᠷ ᠤᠨ ᠤᠰᠤᠨ ᠤ ᠲᠤᠪᠤᠶᠢᠮ᠎ᠠ ᠠᠰᠠᠭᠤᠲᠠᠯ ᠤᠨ  ᠪᠤᠢ ᠪᠤᠯᠤᠬᠰᠠᠨ ᠰᠢᠯᠲᠠᠭᠠᠨ ᠢ ᠰᠢᠨᠵᠢᠯᠡᠵᠦ᠂ ᠨᠠᠭᠤᠷ ᠴᠦᠬᠦᠷᠡᠮ ᠤᠨ ᠤᠰᠤᠨ ᠤ ᠴᠢᠨᠠᠷ ᠴᠢᠨᠰᠠᠭ᠎ᠠ ᠶᠢ  ᠬᠠᠮᠢᠶᠠᠷᠴᠤ ᠡᠵᠡᠮᠲᠡᠬᠦ ᠬᠠᠷᠢᠭᠤᠴᠠᠯᠭ᠎ᠠ ᠶᠢᠨ ᠤᠯᠠᠮ ᠨᠢᠭᠡ ᠠᠯᠬᠤᠮ ᠲᠤᠲᠤ ᠪᠤᠯᠭᠠᠨ᠂ ᠭᠤᠤᠯ ᠤᠨ ᠬᠡᠰᠡᠭ ᠤᠨ  ᠤᠰᠤᠨ ᠤ ᠴᠢᠨᠠᠷ ᠴᠢᠨᠰᠠᠭ᠎ᠠ ᠶᠢ ᠬᠢᠨᠠᠵᠤ ᠬᠠᠮᠢᠶᠠᠷᠬᠤ ᠬᠠᠷᠢᠭᠤᠴᠠᠯᠭ᠎ᠠ ᠶᠢ ᠨᠠᠷᠢᠰᠬᠠᠵᠤ᠂ ᠾᠦᠨ ᠾᠧ  ᠭᠤᠤᠯ ᠤᠨ ᠰᠠᠪᠠ ᠭᠠᠵᠠᠷ ᠤᠨ ᠡᠯ ᠳ᠋ᠤᠤ ᠪᠢᠶᠠᠨ ᠤᠰᠤ ᠰᠢᠨᠵᠢᠯᠡᠬᠦ ᠦᠷᠲᠡᠭᠡ ᠪᠠ ᠬᠤᠷᠢᠨᠬᠡᠷ ᠲᠤ ᠤᠷᠤᠰᠤᠨ ᠤᠷᠤᠬᠤ ᠠᠮᠠᠰᠠᠷ᠂ ᠫᠠᠨ ᠵᠢᠶᠠ ᠠᠷᠪᠠᠨ ᠲᠠᠪᠤᠳᠤᠭᠠᠷ ᠲᠤᠰᠬᠤᠨ ᠤ ᠬᠡᠰᠡᠭ ᠪᠡ ᠬᠤᠷᠢᠨᠬᠡᠷ ᠰᠢᠶᠠᠨ ᠠᠴᠠ ᠤᠷᠤᠰᠴᠤ  ᠭᠠᠷᠬᠤ ᠠᠮᠠᠰᠠᠷ᠂ ᠰᠢᠷᠠᠤᠰᠤ ᠶᠢᠨ ᠭᠤᠤᠯ ᠪᠠ ᠬᠤᠷᠢᠩᠭᠡᠷ ᠰᠢᠶᠠᠨ ᠤ ᠬᠤᠷᠢᠩᠭᠡᠷ ᠲᠤᠰᠬᠤᠨ ᠤ ᠬᠡᠰᠡᠭ ᠤᠨ  ᠭᠤᠤᠯ ᠤᠨ ᠤᠰᠤᠨ ᠤ ᠴᠢᠨᠠᠷ ᠴᠢᠨᠰᠠᠭ᠎ᠠ ᠶᠢᠨ ᠲᠤᠭ᠎ᠠ ᠪᠠᠷᠢᠮᠲᠠ ᠶᠢᠨ ᠰᠠᠷ᠎ᠠ ᠰᠠᠷ᠎ᠠ ᠪᠠᠷ ᠬᠢᠨᠠᠵᠤ ᠬᠡᠮᠵᠢᠬᠦ ᠪᠦᠭᠡᠳ ᠲᠤᠭ᠎ᠠ ᠪᠠᠷᠢᠮᠲᠠ ᠶᠢ ᠦᠨᠲᠦᠰᠦᠯᠡᠨ ᠰᠢᠨᠵᠢᠯᠡᠨ᠂ ᠰᠤᠳᠤᠯᠵᠤ ᠲᠤᠬᠲᠠᠬᠰᠠᠨ ᠬᠤᠭᠤᠴᠠᠭᠠᠨ ᠳᠤ ᠵᠠᠷᠯᠠᠵᠠᠢ  ᠃     ᠨᠠᠭᠤᠷ ᠴᠦᠬᠦᠷᠡᠮ ᠤᠨ ︽ᠲᠦᠷᠪᠡᠨ ᠰᠠᠮᠠᠭᠤᠷᠠᠯ︾ ᠢ ᠵᠠᠰᠠᠬᠤ ᠠᠵᠢᠯ ᠢ ᠠᠬᠢᠭᠤᠯᠪᠠ᠃ ︽ᠬᠤᠷᠢᠨᠬᠡᠷ ᠰᠢᠶᠠᠨ ᠤ 2020 ᠤᠨ ᠤ ᠨᠠᠭᠤᠷ ᠴᠦᠬᠦᠷᠡᠮ ᠢ ᠬᠠᠮᠢᠶᠠᠷᠴᠤ ᠬᠠᠮᠠᠭᠠᠯᠠᠬᠤ ︿ᠬᠠᠪᠤᠷ ᠤᠨ ᠤᠯᠠᠷᠢᠯ﹀ ᠤᠨ  ᠠᠵᠢᠯᠯᠠᠭ᠎ᠠ ᠶᠢᠨ ᠲᠦᠰᠦᠪ︾ ᠲᠤᠭᠲᠠᠭᠠᠵᠤ᠂ ᠨᠠᠭᠤᠷ ᠴᠦᠬᠦᠷᠡᠮ ᠢ ᠬᠠᠮᠢᠶᠠᠷᠴᠤ ᠬᠠᠮᠠᠭᠠᠯᠠᠬᠤ ︽ᠬᠠᠪᠤᠷ ᠤᠨ  ᠤᠯᠠᠷᠢᠯ︾ ᠤᠨ ᠠᠵᠢᠯᠯᠠᠭ᠎ᠠ ᠶᠢᠨ ᠲᠤᠮᠤ ᠪᠠᠶᠢᠴᠠᠭᠠᠯᠲᠠ᠂ ᠲᠤᠮᠤ ᠴᠡᠭᠴᠡᠯᠡᠯᠲᠡ ᠵᠠᠰᠠᠯᠲᠠ ᠦᠷᠨᠢᠬᠦᠯᠦᠨ᠂  ᠪᠠᠶᠢᠴᠠᠭᠠᠯᠲᠠ ᠲᠤᠮᠲᠠ ᠢᠯᠡᠷᠡᠬᠦᠯᠦᠭᠰᠡᠨ ᠠᠰᠠᠭᠤᠲᠠᠯ ᠳᠤ ᠴᠢᠭᠯᠡᠬᠦᠯᠦᠨ᠂ ᠬᠠᠮᠳᠤᠷᠠᠬᠰᠠᠨ ᠬᠠᠤᠯᠢ ᠬᠡᠷᠡᠭᠵᠢᠬᠦᠯᠦᠯᠲᠡ ᠂ ᠰᠢᠪᠠᠲᠠᠭᠤᠯᠤᠯᠲᠠ ᠪᠠᠶᠢᠴᠠᠭᠠᠯᠲᠠ ᠦᠷᠨᠢᠬᠦᠯᠦᠨ᠂ ᠲᠦᠪᠯᠡᠷᠡᠬᠦᠯᠦᠨ ᠴᠡᠭᠴᠡᠯᠡᠯᠲᠡ ᠬᠢᠵᠡᠢ᠃  ᠤᠳᠤᠬᠠᠨ ᠪᠤᠯᠲᠠᠯ᠎ᠠ ᠂ ᠲᠤᠰᠬᠠᠢ ᠲᠥᠷᠥᠯ ᠤᠨ ᠴᠡᠭᠴᠡᠯᠡᠯᠲᠡ ᠵᠠᠰᠠᠯᠲᠠ ᠳᠤ 72 ᠬᠦᠮᠦᠨ ᠤᠲᠠᠭ᠎ᠠ ᠬᠦᠲᠡᠯᠭᠡᠵᠦ᠂ ᠭᠤᠤᠯ ᠤᠨ ᠬᠡᠪᠡᠯᠢ ᠲᠠᠭᠠᠤ ᠴᠠᠬᠲᠠᠨ ᠪᠠᠶᠢᠴᠠᠭᠠᠬᠰᠠᠨ ᠨᠡᠶᠢᠯᠡᠪᠦᠷᠢ ᠲᠤᠭ᠎ᠠ 234 ᠺᠢᠯᠤᠮᠧᠲᠷ ᠬᠦᠷᠪᠡ᠃      ᠲᠦᠷᠢᠮ ᠵᠦᠷᠢᠴᠡᠨ ᠭᠤᠤᠯ ᠤᠨ ᠬᠡᠪᠡᠯᠢ ᠠᠴᠠ ᠬᠠᠶᠢᠷ ᠰᠢᠷᠤᠢ ᠮᠠᠯᠲᠠᠬᠤ ᠶᠠᠪᠤᠲᠠᠯ ᠢ ᠴᠡᠭᠴᠡᠯᠡᠨ ᠵᠠᠰᠠᠪᠠ᠃ ᠲᠦᠷᠢᠮ ᠵᠦᠷᠢᠴᠡᠨ ᠭᠤᠤᠯ ᠤᠨ ᠬᠡᠪᠡᠯᠢ ᠠᠴᠠ ᠬᠠᠶᠢᠷ ᠰᠢᠷᠤᠢ ᠮᠠᠯᠲᠠᠵᠤ ᠭᠤᠤᠯ ᠤᠨ ᠬᠡᠪᠡᠯᠢ ᠶᠢ ᠰᠦᠢᠳᠭᠡᠬᠦ  ᠬᠠᠤᠯᠢ ᠵᠦᠷᠢᠴᠡᠭᠰᠡᠨ ᠦᠢᠯᠡ ᠠᠵᠢᠯᠯᠠᠭ᠎ᠠ ᠶᠢ ᠪᠠᠶᠢᠴᠠᠭᠠᠨ ᠰᠢᠢᠳᠪᠦᠷᠢᠯᠡᠵᠡᠢ᠃ ᠬᠤᠷᠢᠨᠬᠡᠷ ᠰᠢᠶᠠᠨ ᠤ ᠾᠦᠨ ᠾᠧ ᠭᠤᠤᠯ ᠤᠨ ᠰᠠᠪᠠ ᠭᠠᠵᠠᠷ ᠤᠨ ᠬᠡᠰᠡᠭ ᠲᠤ ᠬᠠᠶᠢᠷ ᠰᠢᠷᠤᠢ ᠮᠠᠯᠲᠠᠵᠤ ᠪᠠᠶᠢᠬᠰᠠᠨ 6ᠡᠷᠦᠬᠡ ᠶᠢ ᠨᠤᠷᠠᠭᠠᠬᠤ ᠳᠤ ᠬᠠᠤᠯᠢ ᠬᠡᠷᠡᠭᠵᠢᠬᠦᠯᠦᠭᠴᠢ 140  ᠬᠦᠮᠦᠨ ᠤᠲᠠᠭ᠎ᠠ ᠬᠦᠲᠡᠯᠵᠦ︔ ᠾᠦᠨ ᠾᠧ ᠭᠤᠤᠯ ᠤᠨ ᠳ᠋ᠠ ᠬᠤᠩ ᠴᠧᠩ ᠰᠢᠶᠠᠩ ᠬᠠᠶᠢᠷ ᠰᠢᠷᠤᠢ ᠲᠤᠷ᠎ᠠ ᠪᠠᠷ ᠤᠬᠤᠵᠤ ᠮᠠᠯᠲᠠᠵᠤ ᠪᠠᠶᠢᠬᠰᠠᠨ 15  ᠭᠠᠵᠠᠷ ᠢ ᠰᠢᠢᠳᠪᠦᠷᠢᠯᠡᠬᠦ ᠳᠤ ᠬᠠᠤᠯᠢ ᠬᠡᠷᠡᠭᠵᠢᠬᠦᠯᠦᠭᠴᠢ 62 ᠬᠦᠮᠦᠨ ᠤᠲᠠᠭ᠎ᠠ ᠬᠦᠲᠡᠯᠵᠦ᠂ ᠲᠤᠰ ᠲᠤᠰ 2 ᠤᠲᠠᠭ᠎ᠠ ᠪᠠ 5 ᠤᠲᠠᠭ᠎ᠠ  ᠬᠠᠮᠳᠤᠷᠠᠬᠰᠠᠨ ᠬᠠᠤᠯᠢ ᠬᠡᠷᠡᠭᠵᠢᠬᠦᠯᠦᠯᠲᠡ ᠬᠦᠢᠴᠡᠳᠭᠡᠪᠡ᠃  ︵ᠦᠪᠦᠷ ᠮᠤᠩᠭᠤᠯ ᠤᠨ ᠡᠲᠦᠷ ᠤᠨ ᠰᠤᠨᠢᠨ ᠤ  ᠰᠤᠷᠪᠤᠯᠵᠢᠯᠠᠭᠴᠢ ᠵᠧᠩ ᠰᠢᠤᠸᠠᠢ ᠯᠢᠶᠠᠩ︶http://mongol.people.com.cn/15828544.html
 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号