ᠥᠮᠴᠢᠯᠡᠭᠴᠢ ᠶᠢᠨ ᠬᠡᠪᠴᠢᠶ᠎ᠡ ᠳᠤ ᠬᠤᠪᠢᠷᠠᠯᠲᠠ ᠭᠠᠷᠪᠠ᠂ ᠲᠠ ᠮᠡᠳᠡᠨ᠎ᠡ ᠦᠦ︖
ᠨᠡᠶᠢᠲᠡᠯᠡᠭᠰᠡᠨ ᠴᠠᠭ᠄
2020/11/27
       ᠢᠷᠭᠡᠨ ᠤ ᠬᠠᠤᠯᠢ ᠶᠢᠨ ᠪᠢᠴᠢᠭ ᠭᠠᠷᠤᠭᠰᠠᠨ ᠤ ᠰᠡᠭᠦᠯᠡᠷ᠂ ᠮᠠᠰᠢ ᠤᠯᠠᠨ ᠬᠠᠯᠠᠮᠰᠢᠯ ᠠᠰᠠᠭᠤᠳᠠᠯ ᠤᠯᠠᠨ  ᠤ ᠠᠩᠬᠠᠷᠤᠯ ᠳᠤ ᠣᠷᠣᠪᠠ᠃ ᠦᠨᠦᠳᠤᠷ ᠤᠨ ᠪᠤᠯᠤᠩ ᠳᠤ ᠠᠷᠠᠳ ᠢᠷᠭᠡᠳ ᠤᠨ ᠠᠩᠬᠠᠷᠴᠤ ᠪᠠᠶᠢᠭ᠎ᠠ ᠥᠮᠴᠢ ᠵᠠᠯᠭᠠᠮᠵᠢᠯᠠᠬᠤ ᠬᠠᠯᠠᠮᠰᠢᠯ ᠠᠰᠠᠭᠤᠳᠠᠯ ᠢ ᠵᠢᠱᠢᠶ᠎ᠠ ᠲᠠᠲᠠᠨ ᠲᠠᠶᠢᠯᠪᠤᠷᠢᠯᠠᠰᠤᠭᠠᠢ᠃         ᠨᠡᠶᠢᠲᠡᠯᠢᠭ ᠵᠢᠱᠢᠶ᠎ᠡ᠄ ᠯᠢ ᠮᠢᠩ ᠤᠨ ᠡᠪᠦᠭᠡ ᠡᠮᠡᠭᠡ ᠨᠢ ᠯᠢ ᠳ᠋ᠠ᠂ ᠯᠢ ᠡᠯ  ᠬᠡᠮᠡᠬᠦ ᠬᠤᠶᠠᠷ ᠬᠦᠪᠡᠭᠦᠨ  ᠲᠠᠢ᠃ ᠯᠢ ᠮᠢᠩ ᠪᠤᠯ ᠯᠢ ᠡᠯ ᠤᠨ ᠬᠦᠪᠡᠭᠦᠨ ᠪᠤᠯᠤᠨ᠎ᠠ᠃ ᠯᠢ ᠡᠯ ᠨᠢ ᠯᠢ ᠮᠢᠩ ᠤᠨ ᠡᠪᠦᠭᠡ ᠡᠮᠡᠭᠡ ᠠᠴᠠ ᠤᠷᠢᠳᠡᠵᠦ 2010 ᠤᠨ ᠳᠤ ᠨᠠᠰᠤ ᠪᠠᠷᠠᠵᠦ᠂ ᠡᠪᠦᠭᠡ ᠡᠮᠡᠭᠡ ᠨᠢ 2014 ᠤᠨ ᠳᠤ ᠬᠤᠶᠢᠨ᠎ᠠ ᠬᠤᠶᠢᠨ᠎ᠠ ᠠᠴᠠ ᠨᠠᠰᠤ ᠪᠠᠷᠠᠵᠠᠢ᠃ ᠬᠡᠷᠪᠡ ᠯᠢ ᠳ᠋ᠠ ᠨᠢ 2021 ᠣᠨ ᠤ 3 ᠰᠠᠷ᠎ᠠ ᠳᠤ ᠨᠠᠰᠤ ᠪᠠᠷᠠᠭᠰᠠᠨ ᠪᠦᠭᠡᠳ ᠯᠢ ᠳ᠋ᠠ ᠳᠤ ᠡᠬᠡᠨᠡ᠊᠂‍ᠷ ᠬᠡᠤᠬᠡᠳ ᠦᠭᠡᠢ᠃ ᠲᠡᠭᠡᠪᠡᠯ ᠯᠢ ᠮᠢᠩ ᠰᠢᠭᠤᠳ ᠴᠢᠰᠤᠨ ᠲᠦᠷᠦᠯ ᠤᠨ ᠬᠤᠪᠢ ᠪᠠᠷ ᠥᠮᠴᠢ ᠶᠢ ᠵᠠᠯᠭᠠᠮᠵᠢᠯᠠᠵᠦ ᠪᠤᠯᠬᠤ ᠪᠢᠵᠠ︖ ᠬᠡᠷᠭᠢᠨ ᠵᠠᠯᠭᠠᠮᠵᠢᠯᠠᠬᠤ ᠪᠤᠢ︖        ᠬᠠᠤᠯᠢ ᠲᠠᠶᠢᠯᠪᠤᠷᠢᠯᠠᠭᠴᠢ  ᠳ᠋ᠢᠩ ᠼᠠᠢ ᠰᠢᠶᠠ  ᠄ ᠮᠠᠨ ᠤ ᠤᠯᠤᠰ ᠤᠨ ᠤᠳᠤ ᠶᠢᠨ ᠬᠡᠷᠡᠭᠵᠢᠭᠦᠯᠵᠦ ᠪᠠᠶᠢᠭ᠎ᠠ ︽ᠥᠮᠴᠢ ᠵᠠᠯᠭᠠᠮᠵᠢᠯᠠᠬᠤ ᠬᠠᠤᠯᠢ︾ ᠳᠤ ᠵᠦᠪᠬᠡᠨ ᠴᠢᠰᠤᠨ ᠲᠦᠷᠦᠯ ᠤᠨ ᠰᠢᠭᠤᠳ ᠤᠶᠢᠷ᠎ᠠ ᠰᠠᠳᠤᠨ ᠦᠶ᠎ᠡ ᠳᠠᠮᠵᠢᠨ  ᠦᠪᠯᠡᠵᠦ ᠪᠤᠯᠤᠨ᠎ᠠ ᠭᠡᠵᠦ ᠲᠤᠭᠲᠠᠭᠠᠵᠠᠢ᠂ ᠲᠡᠷᠡ ᠨᠢ ︽ᠥᠮᠴᠢ ᠵᠠᠯᠭᠠᠮᠵᠢᠯᠠᠬᠤ ᠬᠠᠤᠯᠢ︾ ᠶᠢᠨ ᠠᠷᠪᠠᠨ ᠨᠢᠭᠡᠳᠤᠭᠡᠷ ᠵᠤᠷᠪᠤᠰ ᠲᠤ ︽ᠥᠮᠴᠢᠯᠡᠭᠦᠯᠦᠭᠴᠢ ᠶᠢᠨ ᠦᠷ᠎ᠡ ᠬᠡᠤᠬᠡᠳ ᠨᠢ ᠥᠮᠴᠢᠯᠡᠭᠦᠯᠦᠭᠴᠢ ᠠᠴᠠ ᠪᠠᠨ ᠤᠷᠢᠳᠠᠵᠦ ᠦᠬᠦᠭᠰᠡᠨ ᠪᠤᠯ  ᠥᠮᠴᠢᠯᠡᠭᠦᠯᠦᠭᠴᠢ ᠶᠢᠨ ᠦᠷ᠎ᠡ ᠬᠡᠤᠬᠡᠳ ᠤᠨ ᠬᠢᠨᠢ ᠬᠤᠶᠢᠴᠢ ᠦᠶ᠎ᠡ ᠶᠢᠨ ᠴᠢᠰᠤᠨ ᠲᠦᠷᠦᠯ ᠤᠨ ᠬᠢᠨ ᠦᠶ᠎ᠡ ᠳᠠᠮᠵᠢᠨ ᠦᠪᠯᠡᠵᠦ ᠪᠤᠯᠤᠨ᠎ᠠ᠃ ᠦᠶ᠎ᠡ ᠳᠠᠮᠵᠢᠨ ᠥᠮᠴᠢᠯᠡᠭᠴᠢ ᠨᠢ ᠡ᠊ᠩ ᠤᠨ ᠪᠠᠶᠢᠳᠠᠯ ᠲᠤᠤᠷ᠎ᠠ ᠲᠡᠭᠦᠨ ᠤ ᠡᠴᠢᠭᠡ ᠪᠤᠶᠤ ᠡᠬᠡ ᠶᠢᠨ ᠢᠶᠠᠨ ᠥᠮᠴᠢᠯᠡᠬᠦ ᠡᠷᠬᠡ ᠲᠠᠢ ᠨᠢᠭᠡ ᠬᠤᠪᠢ ᠶᠢ ᠯᠡ ᠦᠪᠯᠡᠵᠦ ᠪᠤᠯᠤᠨ᠎ᠠ︾ ᠭᠡᠰᠡᠨ ᠪᠠᠶᠢᠪᠠ᠃ ︽ᠢᠷᠭᠡᠨ ᠤ ᠬᠠᠤᠯᠢ ᠶᠢᠨ ᠪᠢᠴᠢᠭ︾ ᠭᠠᠷᠤᠭᠰᠠᠨ ᠤ ᠳᠠᠷᠠᠭ᠎ᠠ᠂ ᠲᠡᠭᠦᠨ ᠤ ᠥᠮᠴᠢᠯᠡᠬᠦ ᠬᠡᠪᠴᠢᠶ᠎ᠡ ᠶᠢ ᠦᠷᠭᠡᠳᠭᠡᠵᠡᠢ᠃ ᠡᠭᠦᠨ ᠳᠤ᠂ ᠮᠢᠩᠭ᠎ᠠ ᠨᠢᠭᠡ ᠵᠠᠭᠤ ᠬᠤᠷᠢᠨ ᠨᠠᠢᠮᠠᠳᠤᠭᠠᠷ ᠵᠦᠢᠯ ᠳᠤ ᠰᠢᠭᠤᠳ ᠴᠢᠰᠤᠨ ᠲᠦᠷᠦᠯ ᠤᠨ ᠦᠶ᠎ᠡ ᠳᠠᠮᠵᠢᠨ ᠥᠮᠴᠢᠯᠡᠬᠦ ᠲᠤᠭᠲᠠᠭᠠᠯ ᠢ  ᠦᠯᠡᠳᠡᠭᠡᠭᠰᠡᠨ ᠰᠠᠭᠤᠷᠢᠨ ᠳᠡᠭᠡᠷ᠎ᠡ ᠳᠠᠮ ᠴᠢᠰᠤᠨ ᠲᠦᠷᠦᠯ ᠨᠢ ᠦᠶ᠎ᠡ ᠳᠠᠮᠵᠢᠨ ᠥᠮᠴᠢᠯᠡᠬᠦ ᠲᠤᠭᠲᠠᠭᠠᠯ ᠨᠡᠮᠡᠭᠳᠡᠭᠰᠡᠨ ᠪᠠᠶᠢᠨ᠎ᠠ᠂ ᠡᠨᠡ ᠨᠢ ᠬᠤᠶᠠᠳᠤᠭᠠᠷ ᠵᠣᠷᠪᠣᠰ ᠤᠨ ︽ᠥᠮᠴᠢᠯᠡᠭᠦᠯᠦᠭᠴᠢ ᠶᠢᠨ ᠠᠬ᠎ᠠ ᠳᠡᠭᠦᠦ ᠡᠭᠡᠴᠢ ᠦᠬᠢᠨ ᠲᠡᠭᠦᠦ ᠨᠢ  ᠥᠮᠴᠢᠯᠡᠭᠦᠯᠦᠭᠴᠢ ᠠᠴᠠ ᠪᠠᠨ ᠤᠷᠢᠳᠠᠪᠡᠷ ᠦᠬᠦᠭᠰᠡᠨ ᠪᠤᠯ ᠥᠮᠴᠢᠯᠡᠭᠦᠯᠦᠭᠴᠢ ᠶᠢᠨ ᠠᠬ᠎ᠠ ᠳᠡᠭᠦᠦ ᠡᠭᠡᠴᠢ ᠦᠬᠢᠨ ᠲᠡᠭᠦᠦ   ᠶᠢᠨ ᠬᠢᠨᠢ ᠦᠷ᠎ᠡ ᠬᠡᠤᠬᠡᠳ ᠦᠶ᠎ᠡ ᠳᠠᠮᠵᠢᠨ ᠦᠪᠯᠡᠵᠦ ᠪᠤᠯᠤᠨ᠎ᠠ︾ ᠭᠡᠰᠡᠨ ᠳᠡᠭᠡᠷ᠎ᠡ ᠲᠤᠲᠤᠷᠬᠠᠢ ᠢᠯᠡᠷᠡᠵᠦ ᠪᠠᠶᠢᠨ᠎ᠠ᠃ ᠲᠤᠰ ᠬᠡᠷᠡᠭ  ᠨᠢ ᠲᠤᠰᠪᠤᠷᠢ ᠯᠢ ᠡᠯ ᠤᠨ ᠦᠬᠦᠭᠰᠡᠨ᠂ ᠯᠢ ᠮᠢᠩ ᠤᠨ ᠡᠪᠦᠭᠡ ᠡᠮᠡᠭᠡ ᠶᠢᠨ ᠦᠬᠦᠭᠰᠡᠨ᠂ ᠯᠢ ᠳ᠋ᠠ ᠶᠢᠨ ᠦᠬᠦᠭᠰᠡᠨ  ᠠᠴᠠ ᠪᠤᠯᠤᠭᠰᠠᠨ ᠭᠤᠷᠪᠠᠨ ᠤᠳᠠᠭᠠᠨ ᠤ ᠥᠮᠴᠢᠯᠡᠯ ᠬᠤᠯᠪᠤᠭᠳᠠᠵᠦ᠂ ᠭᠤᠷᠪᠠᠳᠤᠭᠠᠷ ᠤᠳᠠᠭᠠᠨ ᠤ ᠥᠮᠴᠢᠯᠡᠯ ᠨᠢ ᠯᠢ ᠳ᠋ᠠ ᠶᠢᠨ ᠦᠬᠦᠭᠰᠡᠨ ᠠᠴᠠ ᠪᠤᠯᠤᠭᠰᠠᠨ ᠥᠮᠴᠢᠯᠡᠯ ᠮᠥᠨ᠂ ᠡᠨᠡ ᠨᠢ ︽ᠢᠷᠭᠡᠨ ᠤ ᠬᠠᠤᠯᠢ ᠶᠢᠨ ᠪᠢᠴᠢᠭ︾  ᠲᠤ ᠲᠤᠭᠲᠠᠭᠠᠭᠰᠠᠨ ᠳᠠᠮ ᠴᠢᠰᠤᠨ ᠲᠦᠷᠦᠯ ᠤᠨ ᠦᠶ᠎ᠡ ᠳᠠᠮᠵᠢᠨ ᠥᠮᠴᠢᠯᠡᠬᠦ ᠶᠠᠪᠤᠳᠠᠯ ᠮᠥᠨ ᠪᠠᠶᠢᠵᠦ᠂ ᠯᠢ ᠮᠢᠩ ᠠᠴᠢ ᠬᠡᠤᠬᠡᠳ ᠤᠨ ᠬᠤᠪᠢ ᠪᠠᠷ ᠡᠴᠢᠭᠡ ᠯᠢ ᠡᠯ ᠢ ᠤᠷᠤᠯᠠᠨ ᠯᠢ ᠳ᠋ᠠ ᠶᠢᠨ ᠦᠪ ᠢ ᠵᠠᠯᠭᠠᠮᠵᠢᠯᠠᠬᠤ ᠪᠤᠯᠤᠨ᠎ᠠ᠃ ᠲᠤᠰ ᠬᠡᠷᠡᠭ ᠤᠨ ᠤᠨᠴᠠᠭᠠᠢ ᠴᠢᠨᠠᠷ ᠨᠢ ᠭᠡᠪᠡᠯ ᠯᠢ ᠳ᠋ᠠ ᠡᠬᠡᠨᠡᠷ᠂ ᠬᠡᠤᠬᠡᠳ ᠦᠭᠡᠢ ᠳᠤ ᠪᠠᠶᠢᠨ᠎ᠠ᠂ ᠬᠡᠷᠪᠡ ᠯᠢ ᠳ᠋ᠠ ᠡᠬᠡᠨᠡᠷ᠂ ᠬᠡᠤᠬᠡᠳ ᠲᠠᠢ ᠪᠠᠶᠢᠭᠰᠠᠨ ᠪᠤᠯ ᠨᠢᠭᠡᠳᠤᠭᠡᠷ ᠦᠪᠯᠡᠭᠴᠢ ᠶᠢᠨ ᠲᠡᠰ ᠳᠠᠷᠠᠭᠠᠯᠠᠯ ᠢᠶᠠᠷ ᠥᠮᠴᠢᠯᠡᠬᠦ ᠪᠤᠯᠬᠤᠷ ᠬᠤᠶᠠᠳᠤᠭᠠᠷ ᠤᠳᠠᠭᠠᠨ ᠤ ᠲᠡᠰ ᠳᠠᠷᠠᠭᠠᠯᠠᠯ ᠭᠡᠵᠦ ᠤᠭᠳᠤ ᠦᠭᠡᠢ ᠶᠤᠮ᠃ ᠡᠨᠡ ᠪᠤᠯ ᠢᠷᠭᠡᠨ ᠤ ᠬᠠᠤᠯᠢ ᠶᠢᠨ ᠪᠢᠴᠢᠭ ᠠᠴᠠ ᠢᠷᠡᠭᠰᠡᠨ ᠴᠢᠬᠤᠯᠠ ᠬᠤᠪᠢᠷᠠᠯᠲᠠ ᠮᠥᠨ᠃ ᠬᠡᠷᠪᠡ ᠲᠤᠰ ᠬᠡᠷᠡᠭ ᠲᠤ ᠯᠢ ᠳ᠋ᠠ ᠶᠢᠨ ᠦᠬᠦᠭᠰᠡᠨ ᠴᠠᠭ  ᠨᠢ 2019 ᠤᠨ ᠳᠤ ᠪᠠᠶᠢᠭᠰᠠᠨ ᠶᠤᠮ ᠪᠤᠯ ᠲᠡᠷᠡ ᠦᠶ᠎ᠡ ᠳᠤ ᠢᠷᠭᠡᠨ ᠤ ᠬᠠᠤᠯᠢ ᠶᠢᠨ ᠪᠢᠴᠢᠭ ᠬᠦᠴᠦᠨ ᠲᠠᠢ ᠪᠤᠯᠤᠭᠠᠳᠤᠢ ᠪᠤᠯᠬᠤᠷ ᠤᠳᠤ ᠶᠢᠨ ᠶᠠᠪᠤᠭᠳᠠᠭᠤᠯᠵᠦ ᠪᠠᠶᠢᠭ᠎ᠠ ᠥᠮᠴᠢ ᠵᠠᠯᠭᠠᠮᠵᠢᠯᠠᠬᠤ ᠬᠠᠤᠯᠢ ᠶᠢᠨ ᠲᠤᠭᠲᠠᠭᠠᠯ ᠢᠶᠠᠷ ᠯᠢ ᠳ᠋ᠠ ᠦᠬᠦᠬᠦ ᠳᠡᠭᠡᠨ ᠭᠡᠷᠢᠶᠡᠰ ᠦᠯᠡᠳᠡᠭᠡᠭᠰᠡᠨ ᠦᠭᠡᠢ   ᠳᠤ ᠬᠦᠷᠪᠡᠯ ᠳᠠᠷᠤᠢ ᠨᠢᠭᠡᠳᠤᠭᠡᠷ ᠥᠮᠴᠢᠯᠡᠭᠴᠢ ᠦᠭᠡᠢ ᠪᠠᠶᠢᠵᠦ᠂ ᠬᠡᠯᠡᠯᠭᠡᠨ ᠦᠭᠡᠢ ᠬᠤᠶᠠᠳᠤᠭᠠᠷ ᠥᠮᠴᠢᠯᠡᠭᠴᠢ ᠴᠦ ᠦᠭᠡᠢ ᠪᠠᠶᠢᠵᠦ᠂ ᠯᠢ ᠳ᠋ᠠ ᠶᠢᠨ ᠥᠮᠴᠢ ᠨᠢ ᠡᠵᠡᠨ ᠦᠭᠡᠢ ᠬᠦᠷᠦᠩᠭᠡ ᠪᠤᠯᠬᠤ ᠪᠤᠯᠤᠨ᠎ᠠ᠃ ᠢᠷᠭᠡᠨ ᠤ ᠬᠠᠤᠯᠢ ᠶᠢᠨ ᠪᠢᠴᠢᠭ ᠤᠨ ᠨᠡᠮᠡᠭᠰᠡᠨ ᠳᠠᠮ ᠴᠢᠰᠤᠨ ᠲᠦᠷᠦᠯ ᠨᠢ ᠦᠶ᠎ᠡ ᠳᠠᠮᠵᠢᠨ ᠥᠮᠴᠢᠯᠡᠵᠦ ᠪᠤᠯᠬᠤ ᠲᠤᠭᠲᠠᠭᠠᠯ ᠨᠢ ᠥᠮᠴᠢᠯᠡᠭᠴᠢ ᠶᠢᠨ ᠬᠡᠪᠴᠢᠶ᠎ᠡ ᠶᠢ ᠦᠷᠭᠡᠳᠭᠡᠵᠦ᠂ ᠤᠯᠠᠨ ᠵᠢᠯ ᠲᠦᠯᠦᠪᠯᠡᠭᠡᠳᠤ ᠦᠷᠡᠵᠢᠯ ᠤᠨ ᠲᠦᠷᠦ ᠶᠢᠨ ᠪᠤᠲᠤᠯᠭ᠎ᠠ ᠶᠠᠪᠤᠭᠤᠯᠤᠭᠰᠠᠨ ᠮᠠᠨ ᠤ ᠤᠯᠤᠰ ᠤᠨ ᠬᠦᠮᠤᠨ ᠠᠮᠠ ᠶᠢᠨ ᠪᠦᠳᠦᠴᠡ ᠶᠢ ᠭᠦᠢᠴᠡᠳ ᠪᠤᠳᠤᠯᠬᠢᠯᠠᠵᠦ᠂ ᠵᠢᠭᠡ᠂ ᠠᠴᠢ ᠨᠢ ᠦᠶ᠎ᠡ ᠳᠠᠮᠵᠢᠨ ᠦᠪᠯᠡᠬᠦ ᠨᠢ ᠮᠠᠨ ᠤ ᠤᠯᠤᠰ ᠤᠨ ᠪᠤᠳᠠᠲᠠᠢ ᠲᠠᠢ ᠨᠡᠶᠢᠴᠡᠵᠦ ᠪᠠᠶᠢᠬᠤ ᠶᠤᠮ᠃              ︵ᠵᠤᠬᠢᠶᠠᠭᠴᠢ᠄  ᠬᠦᠬᠡᠬᠤᠲᠡ ᠶᠢᠨ ᠠᠷᠠᠳ ᠤᠨ  ᠲᠦᠯᠦᠭᠡᠯᠡᠭᠴᠢ᠂ ᠬᠤᠲᠠ ᠶᠢᠨ ᠠᠷᠠᠳ ᠤᠨ                ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠬᠠᠤᠯᠢ ᠴᠠᠭᠠᠵᠠ ᠶᠢᠨ              ᠵᠦᠪᠯᠡᠯ ᠤᠨ ᠬᠡᠰᠢᠭᠦᠨ᠂ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠵᠠᠰᠠᠭ  ᠤᠨ              ᠤᠷᠳᠤᠨ ᠤ ᠬᠠᠮᠢᠶᠠᠷᠤᠯᠲᠠ ᠶᠢᠨ ᠳᠡᠭᠡᠳᠤ ᠰᠤᠷᠭᠠᠭᠤᠯᠢ ᠶᠢᠨ ᠫᠷᠤᠹᠧᠰᠰᠤᠷ ᠳ᠋ᠢᠩ ᠼᠠᠢ ᠰᠢᠶᠠ︶http://mongol.people.com.cn/15831015.html
 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号