ᠲᠤᠩ ᠬᠢᠰᠤᠭ᠎ᠠ ᠶᠢᠨ ᠲᠦᠷᠦᠯ+ ᠮᠦᠬᠦ ᠶᠢᠨ ᠲᠦᠷᠦᠯ᠃ ᠴᠠᠶᠢᠷ ᠨᠢ ᠦᠯᠦ ᠬᠠᠯᠳᠠᠭᠠᠬᠤ ᠴᠢᠳᠠᠪᠤᠷᠢ ᠳᠤ ᠵᠤᠬᠢᠬᠤ ᠲᠤᠬᠢᠷᠠᠭᠤᠯᠤᠯᠲᠠ ᠪᠤᠯᠳᠠᠭ᠃ | ᠲᠤᠩ ᠬᠢᠰᠤᠭ᠎ᠠ ᠶᠢᠨ ᠲᠦᠷᠦᠯ ᠤᠨ ᠢᠳᠡᠭᠡᠨ ᠳᠤ ᠴᠠᠶᠢᠷ ᠡᠯᠪᠡᠭ ᠠᠭᠤᠯᠤᠭᠳᠠᠳᠠᠭ᠃ ᠬᠡᠷᠪᠡ ᠲᠤᠩ ᠬᠢᠰᠤᠭ᠎ᠠ ᠶᠢᠨ ᠲᠦᠷᠦᠯ ᠢ ᠦᠷᠭᠦᠯᠵᠢ ᠢᠳᠡᠬᠦ ᠦᠭᠡᠢ | ᠳᠤ ᠬᠦᠷᠪᠡᠯ ᠮᠦᠬᠦ ᠶᠢᠨ ᠲᠦᠷᠦᠯ ᠢ ᠢᠳᠡᠭᠰᠡᠨ ᠴᠦ ᠪᠤᠯᠤᠨ᠎ᠠ ᠃ ᠮᠦᠭᠦ ᠶᠢᠨ ᠲᠦᠷᠦᠯ ᠤᠨ ᠢᠳᠡᠭᠡᠨ ᠳᠤ ᠴᠠᠶᠢᠷ ᠡᠯᠪᠡᠭ ᠪᠠᠶᠢᠬᠤ ᠠᠴᠠ ᠭᠠᠳᠠᠨ᠎ᠠ᠂ ᠰᠢᠬᠢᠷ | ᠡᠯᠪᠡᠭ ᠪᠠᠶᠢᠵᠦ᠂ ᠦᠯᠤ ᠬᠠᠯᠳᠠᠭᠠᠬᠤ ᠴᠢᠳᠠᠪᠤᠷᠢ ᠶᠢ ᠳᠡᠭᠡᠭᠰᠢᠯᠡᠭᠦᠯᠬᠦ ᠳᠤ ᠠᠰᠢᠭᠲᠠᠢ᠃ ᠡᠭᠦᠨ ᠠᠴᠠ ᠭᠠᠳᠠᠨ᠎ᠠ᠂ ᠠᠮᠢᠲᠠᠨ ᠤ ᠡᠯᠢᠭᠡ᠂ ᠪᠤᠭᠤᠳᠠᠢ ᠶᠢᠨ | ᠬᠦᠪᠤᠷᠡᠯ ᠤᠨ ᠨᠤᠨᠳᠠᠭ᠂ ᠬᠠᠷ᠎ᠠ ᠮᠢᠬ᠎ᠠ᠂ ᠬᠡᠭᠡᠷ᠎ᠡ ᠶᠢᠨ ᠬᠤᠰᠢᠭ᠎ᠠ ᠳᠤ ᠴᠦ ᠴᠠᠶᠢᠷ ᠨᠡᠯᠢᠶᠡᠳ ᠡᠯᠪᠡᠭ ᠪᠠᠶᠢᠳᠠᠭ᠃ | ᠡᠯᠢᠭᠡ+ ᠤᠯᠠᠪᠤᠷ ᠰᠢᠷ᠎ᠠ ᠦᠩᠭᠡᠲᠡᠢ ᠨᠤᠭᠤᠭ᠎ᠠ᠃ ᠠᠮᠢᠲᠠᠨ ᠤ ᠴᠢᠨᠠᠷᠲᠠᠢ ᠢᠳᠡᠭᠡᠨ ᠵᠢᠱᠢᠶᠡᠯᠡᠪᠡᠯ ᠡᠯᠢᠭᠡ᠂ ᠭᠠᠯᠠᠭᠤᠨ ᠦᠨᠳᠡᠭᠡᠨ ᠰᠢᠷ᠎ᠠ᠂ | ᠵᠢᠭᠠᠰᠤᠨ ᠲᠤᠰᠤᠨ ᠳᠤ ᠸᠢᠲ᠋ᠠᠮᠢᠨA ᠮᠠᠰᠢ ᠡᠯᠪᠡᠭ ᠪᠠᠶᠢᠳᠠᠭ᠃ ᠸᠢᠲ᠋ᠠᠮᠢᠨA ᠨᠢᠳᠤᠨ ᠤ ᠬᠠᠷᠠᠭ᠎ᠠ ᠬᠠᠮᠠᠭᠠᠯᠠᠳᠠᠭ ᠢ ᠤᠯᠠᠨ ᠢᠶᠠᠷ ᠢᠶᠠᠨ ᠪᠦᠷ ᠮᠡᠳᠡᠨ᠎ᠡ᠃ | ᠦᠨᠡᠨ ᠳᠡᠭᠡᠨ ᠲᠡᠷᠡ ᠪᠤᠯ ᠦᠯᠤ ᠬᠠᠯᠳᠠᠭᠠᠬᠤ ᠴᠢᠳᠠᠪᠤᠷᠢ ᠲᠠᠢ ᠨᠢᠭᠲᠠ ᠬᠠᠷᠢᠴᠠᠭ᠎ᠠ ᠲᠠᠢ ᠶᠤᠮ᠃ ᠰᠢᠷ᠎ᠠ ᠯᠤᠤᠪᠠᠩ᠂ ᠨᠠᠩᠭᠤᠸᠠ᠂ ᠵᠦᠷᠵᠢ ᠵᠡᠷᠭᠡ ᠤᠯᠠᠪᠤᠷ | ᠰᠢᠷ᠎ᠠ ᠦᠩᠭᠡᠲᠡᠢ ᠨᠤᠭᠤᠭ᠎ᠠ ᠵᠢᠮᠢᠰ ᠤᠨ ᠬᠠᠩᠭᠠᠬᠤ B᠂ ᠰᠢᠷ᠎ᠠ ᠯᠤᠤᠪᠠᠩ ᠤᠨ ᠡᠳ᠋ ᠨᠢ ᠪᠡᠶ᠎ᠡ ᠶᠢᠨ ᠲᠤᠲᠤᠷ᠎ᠠ ᠸᠢᠲ᠋ᠠᠮᠢᠨA ᠪᠤᠯᠵᠦ ᠬᠤᠪᠢᠷᠠᠳᠠᠭ᠃ | ᠭᠦᠨ ᠨᠤᠭᠤᠭᠠᠨ ᠦᠩᠭᠡᠲᠡᠢ ᠨᠤᠭᠤᠭ᠎ᠠ+ ᠲᠤᠯᠤᠭᠤᠨ᠎ᠠ᠃ ᠨᠤᠭᠤᠭᠠᠨ ᠴᠡᠴᠡᠭᠳᠤ ᠪᠠᠶᠢᠼᠠᠢ᠂ ᠦᠷᠭᠡᠰᠤᠳᠤ ᠨᠤᠭᠤᠭ᠎ᠠ᠂ ᠠᠪᠤᠭ᠎ᠠ᠂ ᠲᠤᠮᠤ ᠴᠠᠭᠠᠨ | ᠨᠤᠭᠤᠭ᠎ᠠ᠂ ᠰᠢᠯᠡᠮᠳᠡᠭ ᠵᠡᠷᠭᠡ ᠭᠦᠨ ᠨᠤᠭᠤᠭᠠᠨ ᠦᠩᠭᠡᠲᠡᠢ ᠨᠤᠭᠤᠭ᠎ᠠ ︔ ᠲᠤᠯᠤᠭᠤᠨ᠎ᠠ᠂ ᠴᠢᠪᠠᠭ᠎ᠠ᠂ ᠲᠤᠰᠢᠯᠤᠢ᠂ ᠭᠠᠲᠢᠷ᠎ᠠ ᠶᠢᠨ ᠵᠢᠮᠢᠰ᠂ ᠬᠦᠵᠡᠯᠵᠡᠭᠡᠨ᠎ᠡ᠂ | ᠰᠢᠷᠠᠰᠤ ᠵᠡᠷᠭᠡ ᠵᠢᠮᠢᠰ ᠨᠢ ᠪᠦᠷ ᠸᠢᠲ᠋ᠠᠮᠢᠨ C ᠶᠢᠨ ᠠᠪᠤᠷᠭᠤ ᠤᠳ ᠶᠤᠮ᠃ ᠸᠢᠲ᠋ᠠᠮᠢᠨ C ᠨᠢ ᠡᠰᠡᠷᠭᠦᠴᠡᠯ ᠴᠤᠭᠴᠠ ᠶᠢᠨ ᠪᠦᠷᠢᠯᠳᠦᠯ ᠢ ᠠᠬᠢᠭᠤᠯᠳᠠᠭ᠃ | ᠳᠠᠯᠠᠢ ᠶᠢᠨ ᠵᠢᠭᠠᠰᠤ᠃ ᠸᠢᠲ᠋ᠠᠮᠢᠨ D ᠦᠯᠤ ᠬᠠᠯᠳᠠᠭᠠᠬᠤ ᠴᠢᠳᠠᠪᠤᠷᠢ ᠶᠢ ᠴᠢᠩᠭᠠᠷᠠᠭᠤᠯᠵᠦ᠂ ᠸᠢᠲ᠋ᠠᠮᠢᠨ D ᠲᠤᠲᠠᠭᠳᠠᠪᠠᠯ ᠪᠡᠶ᠎ᠡ ᠶᠢᠨ ᠬᠡᠪ ᠤᠨ | ᠴᠢᠳᠠᠪᠤᠷᠢ ᠶᠢ ᠨᠦᠯᠦᠭᠡᠯᠡᠳᠡᠭ᠃ ᠨᠠᠷᠠᠨ ᠳᠤ ᠡᠭᠡᠭᠡᠬᠦ ᠪᠤᠯ ᠸᠢᠲ᠋ᠠᠮᠢᠨ D ᠰᠢᠩᠭᠡᠭᠡᠨ ᠠᠪᠬᠤ ᠪᠦᠳᠦᠮᠵᠢᠲᠠᠢ ᠠᠷᠭ᠎ᠠ ᠪᠤᠯᠪᠠᠴᠤ᠂ ᠡᠪᠤᠯ ᠤᠨ ᠤᠯᠠᠷᠢᠯ ᠳᠤ | ᠬᠠᠮᠤᠭ ᠰᠠᠶᠢᠨ ᠨᠢ ᠸᠢᠲ᠋ᠠᠮᠢᠨ D ᠡᠯᠪᠡᠭᠲᠡᠢ ᠢᠳᠡᠭᠡᠨ ᠨᠦᠬᠦᠪᠤᠷᠢᠯᠡᠪᠡᠯ ᠵᠤᠬᠢᠨ᠎ᠠ᠃ ᠳᠠᠯᠠᠢ ᠶᠢᠨ ᠵᠢᠭᠠᠰᠤ᠂ ᠠᠮᠢᠲᠠᠨ ᠤ ᠡᠯᠢᠭᠡ᠂ ᠵᠢᠭᠠᠰᠤᠨ ᠲᠤᠰᠤ᠂ | ᠦᠨᠳᠡᠭᠡᠨ ᠳᠤ ᠸᠢᠲ᠋ᠠᠮᠢᠨ D ᠶᠢᠨ ᠠᠭᠤᠯᠤᠭᠳᠠᠴᠠ ᠬᠠᠷᠢᠴᠠᠩᠭᠤᠢ ᠡᠯᠪᠡᠭ ᠪᠠᠶᠢᠳᠠᠭ᠃ | ᠠᠮᠢᠲᠠᠨ ᠤ ᠴᠢᠰᠤ+ ᠡᠯᠢᠭᠡ᠃ ᠲᠡᠮᠤᠷ ᠲᠤᠳᠠᠪᠠᠯ ᠦᠯᠤ ᠬᠠᠯᠳᠠᠭᠠᠬᠤ ᠡᠰ ᠬᠠᠰᠤᠭᠳᠠᠵᠦ᠂ ᠦᠯᠤ ᠬᠠᠯᠳᠠᠭᠠᠬᠤ ᠲᠤᠰᠬᠠᠯ ᠲᠤᠲᠠᠭᠤᠳᠠᠳᠠᠭ᠃ | ᠬᠠᠷ᠎ᠠ ᠮᠢᠬ᠎ᠠ᠂ ᠠᠮᠢᠲᠠᠨ ᠤ ᠴᠢᠰᠤ᠂ ᠡᠯᠢᠭᠡ ᠵᠡᠷᠭᠡ ᠢᠳᠡᠭᠡᠨ ᠨᠢ ᠲᠡᠮᠤᠷ ᠡᠯᠪᠡᠭᠲᠡᠢ ᠪᠦᠭᠡᠳ ᠰᠢᠩᠭᠡᠭᠡᠵᠦ ᠠᠪᠬᠤ ᠳᠤ ᠰᠠᠶᠢᠨ ᠪᠠᠶᠢᠳᠠᠭ᠃ ᠡᠳᠤᠷ ᠪᠦᠷᠢ 40 | ~75 ᠭᠷᠠᠮ ᠮᠢᠬ᠎ᠠ ᠢᠳᠡᠵᠦ᠂ ᠠᠮᠢᠲᠠᠨ ᠤ ᠡᠯᠢᠭᠡ ᠶᠢ ᠰᠠᠷ᠎ᠠ ᠪᠦᠷᠢ 2~3 ᠤᠳᠠᠭ᠎ᠠ᠂ ᠤᠳᠠᠭ᠎ᠠ ᠪᠦᠷᠢ 25 ᠭᠷᠠᠮ ᠤᠷᠴᠢᠮ ᠢᠳᠡᠪᠡᠯ ᠰᠠᠶᠢᠨ ᠭᠡᠵᠦ | ᠰᠠᠨᠠᠭᠤᠯᠵᠦ ᠪᠠᠶᠢᠨ᠎ᠠ᠃ | ᠦᠨᠢᠥᠶᠡᠨ ᠰᠦ+ ᠲᠠᠬᠢᠶᠠᠨ ᠦᠨᠳᠡᠭᠡ᠃ ᠢᠳᠡᠭᠡᠨ ᠤᠮᠳᠠᠭᠠᠨ ᠳᠤ ᠤᠭᠤᠷᠠᠭ ᠲᠤᠲᠠᠭᠳᠠᠪᠠᠯ ᠪᠡᠶ᠎ᠡ ᠶᠢᠨ ᠦᠯᠤ ᠬᠠᠯᠳᠠᠭᠠᠬᠤ ᠴᠢᠳᠠᠪᠤᠷᠢ ᠪᠠᠭᠤᠷᠠᠨ᠎ᠠ | ᠃ ᠤᠭᠤᠷᠠᠭ ᠶᠡᠬᠡᠲᠡᠢ ᠢᠳᠡᠭᠡᠨ ᠲᠤᠩ ᠠᠷᠪᠢᠨ ᠪᠤᠢ᠂ ᠦᠨᠢᠶᠡᠨ ᠰᠦ᠂ ᠴᠠᠭᠠᠨ ᠢᠳᠡᠭᠡ᠂ ᠲᠠᠬᠢᠶᠠᠨᠦᠨᠳᠡᠭᠡ᠂ ᠮᠠᠯ ᠵᠢᠭᠦᠷᠲᠡᠨ ᠤ ᠮᠢᠬ᠎ᠠ᠂ ᠵᠢᠭᠠᠰᠤ᠂ ᠰᠠᠮ | ᠬᠤᠷᠤᠬᠠᠢ᠂ ᠰᠢᠷ᠎ᠠ ᠪᠤᠷᠴᠠᠭ ᠨᠢ ᠴᠦᠮ ᠴᠢᠨᠠᠷᠯᠢᠭ ᠤᠭᠤᠷᠠᠭ ᠤᠨ ᠰᠠᠶᠢᠨ ᠢᠷᠡᠯᠲᠡ ᠮᠥᠨ᠃ ᠦᠨᠢᠶᠡᠨ ᠰᠦ ᠶᠢ ᠡᠳᠤᠷ ᠪᠦᠷᠢ 300 ᠮᠢᠯᠯᠢᠯᠢᠲᠷ ᠪᠠᠷᠤᠭ | 2 ᠤᠭᠤᠲᠠ ᠤᠤᠭᠤᠵᠦ᠂ ᠲᠠᠬᠢᠶᠠᠨ ᠦᠨᠳᠡᠭᠡ 1᠂ ᠮᠠᠯ ᠵᠢᠭᠦᠷᠲᠡᠨ ᠤ ᠮᠢᠬ᠎ᠠ ᠡᠳᠤᠷ ᠪᠦᠷᠢ 40 ~75 ᠭᠷᠠᠮ᠂᠂ᠵᠢᠭᠠᠰᠤ ᠰᠠᠮ ᠬᠤᠷᠤᠬᠠᠢ ᠡᠳᠤᠷ ᠪᠦᠷᠢ | 40 ~75 ᠭᠷᠠᠮ᠂ ᠰᠢᠷ᠎ᠠ ᠪᠤᠷᠴᠠᠭ ᠨᠢᠭᠡ ᠠᠳᠬᠤ ︵30 ᠭᠷᠠᠮ ᠤᠷᠴᠢᠮ︶ ᠡᠰᠡᠭᠦᠯ᠎ᠡ ᠵᠤᠬᠢᠬᠤ ᠪᠤᠷᠴᠠᠭ ᠤᠨ ᠪᠦᠳᠦᠭᠡᠭᠳᠡᠭᠦᠨ ᠢᠳᠡᠵᠦ ᠤᠤᠭᠤᠪᠠᠯ ᠵᠦᠭᠡᠷ | ᠭᠡᠵᠦ ᠰᠠᠨᠠᠭᠤᠯᠵᠦ ᠪᠠᠶᠢᠨ᠎ᠠ᠃ | | | http://mongol.people.com.cn/15830920.html |