ᠬᠡᠷᠡᠭᠯᠡᠭᠴᠢᠳ ᠤᠨ ᠮᠦᠩᠭᠦᠨ ᠭᠦᠢᠯᠭᠡᠭᠡᠨ ᠤ ᠰᠤᠷᠠᠭ ᠵᠠᠩᠭᠢ ᠶᠢ ᠬᠠᠮᠠᠭᠠᠯᠠᠬᠤ ᠡᠷᠴᠢᠮ ᠢ ᠤᠯᠠᠮ ᠴᠢᠩᠭᠠᠷᠠᠭᠤᠯᠵᠦ᠂ ᠬᠡᠷᠡᠭᠯᠡᠭᠴᠢᠳ ᠤᠨ | ᠮᠦᠩᠭᠦᠨ ᠭᠦᠢᠯᠭᠡᠭᠡᠨ ᠤ ᠰᠤᠷᠠᠭ ᠵᠠᠩᠭᠢ ᠶᠢ ᠬᠠᠮᠠᠭᠠᠯᠠᠬᠤ ᠬᠠᠤᠯᠢ ᠲᠦᠷᠢᠮ ᠤᠨ ᠲᠡᠰ ᠳᠠᠪᠬᠤᠷᠭ᠎ᠠ ᠶᠢ ᠳᠡᠭᠡᠭᠰᠢᠯᠡᠭᠦᠯᠬᠦ ᠶᠢᠨ ᠲᠤᠰᠠᠲᠠ᠂ ︽ ᠬᠤᠪᠢ | ᠬᠦᠮᠤᠨ ᠤ ᠮᠦᠩᠭᠦᠨ ᠭᠦᠢᠯᠭᠡᠭᠡᠨ ᠤ ᠰᠤᠷᠠᠭ ᠵᠠᠩᠭᠢ ︵ ᠲᠤᠭ᠎ᠠ ᠪᠠᠷᠢᠮᠲᠠ︶ ᠶᠢ ᠬᠠᠮᠠᠭᠠᠯᠠᠬᠤ ᠲᠤᠷᠰᠢᠨ ᠬᠡᠷᠡᠭᠯᠡᠬᠦ ᠠᠷᠭ᠎ᠠ︾ ᠵᠡᠷᠭᠡ ᠶᠢ ᠠᠷᠠᠳ ᠤᠨ | ᠪᠠᠩᠭᠢ ᠶᠢᠨ ᠲᠦᠷᠢᠮ ᠲᠤᠭᠲᠠᠭᠠᠯ ᠠᠵᠢᠯ ᠤᠨ ᠲᠦᠯᠦᠪᠯᠡᠭᠡ ᠳᠤ ᠤᠷᠤᠭᠤᠯᠵᠦ᠂ ︽ ᠲᠤᠮᠳᠠᠳᠤ ᠤᠯᠤᠰ ᠤᠨ ᠠᠷᠠᠳ ᠤᠨ ᠪᠠᠩᠭᠢ ᠵᠢᠨᠮᠦ᠋ᠩᠭᠦᠨ ᠭᠦᠢᠯᠭᠡᠭᠡᠨ | ᠤ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠬᠡᠷᠡᠭᠵᠢᠭᠦᠯᠬᠦ ᠠᠷᠭ᠎ᠠ︾ ᠶᠢ11 ᠰᠠᠷ᠎ᠠ ᠶᠢᠨ 1 ᠤ ᠡᠳᠤᠷ ᠠᠴᠠ ᠡᠬᠢᠯᠡᠨ ᠬᠡᠷᠡᠭᠵᠢᠭᠦᠯᠪᠡ᠂ ᠲᠤᠰ | ᠬᠡᠷᠡᠭᠵᠢᠭᠦᠯᠬᠦ ᠠᠷᠭ᠎ᠠ ᠨᠢ ᠤᠤᠯ ᠤᠨ ᠪᠠᠶᠢᠭᠰᠠᠨ ᠮᠦᠩᠭᠦᠨ ᠭᠦᠢᠯᠭᠡᠭᠡᠨ ᠤ ᠰᠤᠷᠠᠭ ᠵᠠᠩᠭᠢ ᠶᠢ ᠬᠠᠮᠠᠭᠠᠯᠠᠬᠤ ᠲᠤᠰᠬᠠᠢ ᠲᠦᠷᠢᠮ ᠤᠨ ᠰᠠᠭᠤᠷᠢᠨ ᠳᠡᠭᠡᠷ᠎ᠡ᠂ | ᠰᠤᠷᠠᠭ ᠵᠠᠩᠭᠢ ᠴᠤᠭᠯᠠᠭᠤᠯᠬᠤ᠂ ᠨᠡᠶᠢᠲᠡᠯᠡᠬᠦ ᠪᠠ ᠮᠡᠳᠡᠭᠳᠡᠬᠦ ᠂ ᠬᠡᠷᠡᠭᠯᠡᠬᠦ᠂ ᠬᠠᠮᠢᠶᠠᠷᠬᠤ᠂ ᠬᠠᠳᠠᠭᠠᠯᠠᠬᠤ ᠪᠠ ᠨᠢᠭᠤᠴᠠ ᠶᠢ ᠬᠠᠮᠠᠭᠠᠯᠠᠬᠤ ᠵᠡᠷᠭᠡ ᠲᠠᠯ᠎ᠠ ᠪᠠᠷ | ᠰᠢᠯᠢᠳᠡᠭᠵᠢᠭᠦᠯᠦᠭᠰᠡᠨ ᠪᠠᠶᠢᠨ᠎ᠠ᠃ ᠬᠡᠷᠡᠭᠯᠡᠭᠴᠢᠳ ᠤᠨ ᠮᠦᠩᠭᠦᠨ ᠭᠦᠢᠯᠭᠡᠭᠡᠨ ᠤ ᠰᠤᠷᠠᠭ ᠵᠠᠩᠭᠢ ᠳᠤ ᠶᠡᠷᠤᠳᠡᠭᠡᠨ ᠬᠤᠪᠢ ᠬᠦᠮᠤᠨ ᠤ ᠪᠡᠶ᠎ᠡ ᠶᠢᠨ ᠭᠠᠷᠤᠯ | ᠤᠨ ᠰᠤᠷᠠᠭ ᠵᠠᠩᠭᠢ᠂ ᠡᠳ᠋ ᠬᠦᠷᠦᠩᠭᠡ ᠶᠢᠨ ᠰᠤᠷᠠᠭ ᠵᠠᠩᠭᠢ᠂ ᠳᠠᠩᠰᠨ ᠬᠠᠷ᠎ᠠ ᠶᠢᠨ ᠰᠤᠷᠠᠭ ᠵᠠᠩᠭᠢ᠂ ᠢᠲᠡᠭᠡᠮᠵᠢ ᠶᠢᠨ ᠰᠤᠷᠠᠭ ᠵᠠᠩᠭᠢ᠂ ᠮᠦᠩᠭᠦᠨ | ᠭᠦᠢᠯᠭᠡᠭᠡᠨ ᠤ ᠰᠤᠯᠢᠯᠴᠠᠭᠠᠨ ᠤ ᠰᠤᠷᠠᠭ ᠵᠠᠩᠭᠢ ᠪᠤᠯᠤᠨ ᠬᠤᠪᠢ ᠬᠦᠮᠤᠨ ᠤ ᠪᠤᠰᠤᠳ ᠵᠠᠷᠢᠮ ᠤᠨᠴᠠᠭᠠᠢ ᠰᠤᠷᠠᠭ ᠵᠠᠩᠭᠢ ᠪᠠᠭᠲᠠᠨ᠎ᠠ᠃ ᠡᠳᠡᠭᠡᠷ | ᠴᠢᠬᠤᠯᠠᠰᠤᠷᠠᠭ ᠵᠠᠩᠭᠢ ᠯᠡᠪᠡᠷᠡᠬᠦ ᠳᠤ ᠬᠦᠷᠪᠡᠯ ᠮᠦᠩᠭᠦᠨ ᠭᠦᠢᠯᠭᠡᠭᠡᠨ ᠤ ᠬᠡᠷᠡᠭᠯᠡᠭᠴᠢᠳ ᠤᠨ ᠲᠤᠰ ᠪᠡᠶ᠎ᠡ ᠪᠤᠯᠤᠨ ᠭᠡᠷ ᠪᠦᠯᠢ᠂ ᠰᠠᠳᠤᠨ ᠲᠦᠷᠦᠯ ᠤᠨ ᠡᠳ᠋ | ᠬᠦᠷᠦᠩᠭᠡ ᠳᠤ ᠬᠤᠬᠢᠷᠠᠯ ᠤᠴᠠᠷᠠᠵᠦ ᠮᠡᠳᠡᠨ᠎ᠡ᠃ ᠡᠶᠢᠮᠤ ᠶᠢᠨ ᠲᠤᠯᠠᠳᠠ᠂ ᠬᠤᠪᠢ ᠬᠦᠮᠤᠨ ᠣᠮᠦ᠋ᠩᠭᠦᠨ ᠭᠦᠢᠯᠭᠡᠭᠡᠨ ᠤ ᠰᠤᠷᠠᠭ ᠵᠠᠩᠭᠢ ᠶᠢ ᠬᠠᠮᠠᠭᠠᠯᠠᠬᠤ ᠳᠤ | ᠲᠤᠤᠷᠠᠬᠢ ᠲᠤᠯᠤᠭᠠᠨ ᠲᠠᠯ᠎ᠠ ᠶᠢ ᠭᠤᠤᠯᠳᠠᠯᠭ᠎ᠠ ᠲᠠᠢ ᠡᠵᠡᠮᠳᠡᠬᠦ ᠪᠤᠯᠪᠠ ᠦᠦ ᠭᠡᠵᠦ ᠲᠦᠪ ᠪᠠᠩᠭᠢ ᠰᠠᠨᠠᠭᠤᠯᠵᠦ ᠪᠠᠶᠢᠨ᠎ᠠ᠄ | ᠨᠢᠭᠡ ᠳᠤ ᠪᠡᠶ᠎ᠡ ᠶᠢᠨ ᠦᠨᠡᠮᠯᠡᠯ᠂ ᠪᠠᠩᠭᠢ ᠶᠢᠨ ᠺᠠᠷᠲ᠂ ᠪᠠᠩᠭᠢ ᠶᠢᠨ ᠳᠠᠩᠰᠠ ᠵᠡᠷᠭᠡ ᠪᠠᠨ ᠰᠠᠶᠢᠳᠤᠷ ᠬᠠᠮᠢᠶᠠᠷᠬᠤ ᠬᠡᠷᠡᠭᠲᠡᠢ᠂ ᠪᠤᠰᠤᠳ ᠲᠤ | ᠵᠢᠭᠡᠯᠡᠭᠦᠯᠵᠦ ᠪᠤᠯᠬᠤ ᠦᠭᠡᠢ ︔ | ᠬᠤᠶᠠᠷ ᠲᠤ ᠮᠦᠩᠭᠦᠨ ᠭᠦᠢᠯᠭᠡᠭᠡᠨ ᠤ ᠰᠤᠷᠠᠭ ᠵᠠᠩᠭᠢ᠂ ᠡᠳ᠋ ᠬᠦᠷᠦᠩᠭᠡ ᠶᠢᠨ ᠪᠠᠶᠢᠳᠠᠯ ᠵᠡᠷᠭᠡ ᠦᠨᠳᠦᠰᠦᠨ ᠰᠤᠷᠠᠭ ᠵᠠᠩᠭᠢ ᠪᠠᠨ ᠪᠤᠰᠤᠳ ᠲᠤ | ᠵᠠᠳᠠᠷᠠᠭᠤᠯᠤᠭᠰᠠᠨ ᠤ ᠬᠡᠷᠡᠭ ᠦᠭᠡᠢ᠂ ᠰᠦᠯᠵᠢᠶᠡᠨ ᠳᠡᠭᠡᠷ᠎ᠡ ᠪᠤᠶᠤ ᠰᠦᠯᠵᠢᠶᠡᠨ ᠤ ᠭᠠᠳᠠᠨ᠎ᠠ ᠬᠤᠪᠢ ᠬᠦᠮᠤᠨ ᠤ ᠮᠦᠩᠭᠦᠨ ᠭᠦᠢᠯᠭᠡᠭᠡᠨ ᠤ ᠰᠤᠷᠠᠭ ᠵᠠᠩᠭᠢ ᠶᠢ | ᠲᠤᠷ᠎ᠠ ᠪᠠᠷ ᠢᠶᠠᠨ ᠦᠯᠡᠳᠡᠭᠡᠵᠦ ᠪᠤᠯᠬᠤ ᠦᠭᠡᠢ︔ | ᠭᠤᠷᠪᠠ ᠳᠤ ᠮᠦᠩᠭᠦᠨ ᠭᠦᠢᠯᠭᠡᠭᠡᠨ ᠤ ᠶᠠᠪᠤᠳᠠᠯ ᠢ ᠠᠯᠢ ᠪᠤᠯᠬᠤ ᠶᠢᠨ ᠲᠤᠲᠤᠷ ᠦᠪᠡᠷ ᠢᠶᠠᠨ ᠭᠦᠢᠴᠡᠳᠭᠡᠬᠦ ᠬᠡᠷᠡᠭᠲᠡᠢ᠂ ᠲᠠᠨᠢᠯ ᠪᠤᠰᠤ ᠬᠦᠮᠤᠨ | ᠪᠤᠶᠤ ᠵᠠᠭᠤᠴᠢ ᠶᠢ ᠨᠠᠶᠢᠳᠠᠵᠦ ᠪᠤᠯᠬᠤ ᠦᠭᠡᠢ᠂ ᠬᠤᠪᠢ ᠬᠦᠮᠤᠨ ᠤ ᠰᠤᠷᠠᠭ ᠵᠠᠩᠭᠢ ᠬᠤᠯᠠᠭᠠᠶᠢᠯᠠᠭᠳᠠᠬᠤ ᠠᠴᠠ ᠪᠤᠯᠭᠤᠮᠵᠢᠯᠠᠬᠤ ᠬᠡᠷᠡᠭᠲᠡᠢ︔ | ᠲᠦᠷᠪᠡ ᠳᠤ ᠦᠪᠡᠷ ᠤᠨ ᠪᠡᠶ᠎ᠡ ᠶᠢᠨ ᠦᠨᠡᠮᠯᠡᠯ ᠤᠨ ᠬᠠᠭᠤᠯᠪᠤᠷᠢ ᠪᠠᠷ ᠢᠶᠠᠨ ᠡᠯ᠎ᠡ ᠵᠥᠢᠯ ᠤᠨ ᠲᠤᠬᠠᠶᠢᠯᠠᠭᠰᠠᠨ ᠠᠵᠢᠯ ᠭᠦᠢᠴᠡᠳᠭᠡᠬᠦ ᠦᠶᠡᠰ | ᠬᠠᠭᠤᠯᠪᠤᠷᠢ ᠳᠡᠭᠡᠷ᠎ᠡ ᠪᠠᠨ ᠬᠡᠷᠡᠭᠯᠡᠬᠦ ᠵᠤᠷᠢᠯᠭ᠎ᠠ ᠪᠠᠨ ᠲᠤᠲᠤᠷᠬᠠᠶᠢᠯᠠᠬᠤ ᠬᠡᠷᠡᠭᠲᠡᠢ︔ | ᠲᠠᠪᠤ ᠳᠤ ᠺᠠᠷᠲ ᠰᠢᠷᠪᠢᠭᠰᠡᠨ ᠬᠤᠳᠠᠯᠳᠤᠭᠠᠨ ᠤ ᠪᠠᠷᠢᠮᠲᠠ᠂ ᠵᠤᠭᠤᠰ ᠠᠪᠤᠭᠰᠠᠨ ᠭᠡᠷᠡᠴᠢ᠂ ᠢᠲᠡᠭᠡᠮᠵᠢ ᠶᠢᠨ ᠺᠠᠷᠲ ᠤᠨ ᠳᠠᠩᠰᠠ | ᠲᠠᠭᠠᠷᠠᠭᠤᠯᠤᠭᠰᠠᠨ ᠪᠠᠷᠢᠮᠲᠠ ᠵᠡᠷᠭᠡ ᠲᠡᠷᠡ ᠲᠠᠷᠤᠢ ᠳᠤᠨᠢ ᠦᠭᠡᠶᠢᠭᠢᠬᠦ ᠴᠢᠬᠤᠯᠠᠲᠠᠢ ᠮᠦᠩᠭᠦᠨ ᠭᠦᠢᠯᠭᠡᠭᠡᠨ ᠤ ᠲᠤᠬᠠᠶᠢᠯᠠᠭᠰᠠᠨ ᠠᠵᠢᠯ ᠤᠨ ᠳᠠᠩᠰᠠ ᠪᠠᠷᠢᠮᠲᠠ | ᠶᠢ ᠬᠠᠮᠢᠶ᠎ᠠ ᠦᠭᠡᠢ ᠬᠠᠶᠠᠵᠦ ᠭᠡᠭᠡᠵᠦ ᠪᠤᠯᠬᠤ ᠦᠭᠡᠢ ︔ | ᠵᠢᠷᠭᠤᠭ᠎ᠠ ᠳᠤ ᠢᠷᠡᠯ ᠨᠢ ᠲᠤᠳᠤ ᠦᠭᠡᠢ ᠭᠠᠷ ᠤᠲᠠᠰᠤᠨ ᠤ ᠴᠢᠬᠢᠮ ᠴᠢᠮᠡᠭᠡ᠂ ᠰᠢᠤᠳᠠᠨ ᠭᠤᠪᠢᠭᠤᠯᠭ᠎ᠠ ᠪᠤᠯᠤᠨ ᠲᠤᠲᠤᠷᠬᠠᠢ ᠪᠤᠰᠤ | ᠬᠤᠯᠪᠤᠭᠠᠰᠤ ᠶᠢ ᠲᠤᠷᠠᠪᠠᠷ ᠢᠶᠠᠨ ᠲᠤᠪᠰᠢᠵᠦ ᠪᠤᠯᠬᠤ ᠦᠭᠡᠢ᠂ ᠢᠷᠡᠯ ᠨᠢ ᠲᠤᠲᠤ ᠦᠭᠡᠢ ᠮᠡᠷᠭᠡᠨ ᠴᠤᠬᠤᠷ ᠢ ᠪᠢᠲᠡᠬᠡᠢ ᠬᠠᠮᠢᠶ᠎ᠠ ᠦᠭᠡᠢ ᠰᠢᠷᠪᠢᠭᠡᠷᠡᠢ᠂ ᠤᠯᠠᠨ | ᠨᠡᠶᠢᠲᠡ ᠶᠢᠨ WiFi ᠂ ᠨᠢᠭᠤᠴᠠ ᠨᠤᠮᠧᠷ ᠦᠭᠡᠢ WiFi ᠶᠢ ᠬᠢᠴᠢᠶᠡᠵᠦ ᠬᠡᠷᠡᠭᠯᠡᠬᠦ ᠬᠡᠷᠡᠭᠲᠡᠢ︔ | ᠲᠤᠯᠤᠭ᠎ᠠ ᠳᠤ ᠦᠪᠡᠷ ᠤᠨ ᠴᠢᠨᠢ ᠮᠦᠩᠭᠦᠨ ᠭᠦᠢᠯᠭᠡᠭᠡᠨ ᠤ ᠰᠤᠷᠠᠭ ᠵᠠᠩᠭᠢ ᠵᠠᠳᠠᠷᠠᠭᠰᠠᠨ ᠢ ᠮᠡᠳᠡᠮᠡᠭᠴᠡ ᠳᠠᠷᠤᠶᠢᠬᠠᠨ ᠬᠤᠯᠪᠤᠭᠳᠠᠯ ᠪᠦᠬᠦᠢ | ᠰᠠᠯᠠᠭ᠎ᠠ ᠮᠦᠴᠢᠷ ᠲᠠᠢ ᠬᠠᠷᠢᠯᠴᠠᠵᠦ ᠡᠷᠭᠡ ᠪᠠᠨ ᠬᠠᠮᠠᠭᠠᠯᠠᠬᠤ ᠬᠡᠷᠡᠭᠲᠡᠢ᠃ | ᠠᠷᠠᠳ ᠤᠨ ᠡᠳᠤᠷ ᠤᠨ ᠰᠤᠨᠢᠨ ᠤ ᠰᠤᠷᠪᠤᠯᠵᠢᠯᠠᠭᠴᠢ ᠡᠦ ᠴᠢᠦ ᠢᠤᠢ | | | http://mongol.people.com.cn/15830739.html |