ᠥᠪᠥᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠬᠦᠬᠡᠬᠤᠲᠠ ᠶᠢᠨ ᠬᠤᠲᠠ ᠶᠢᠨ ᠲᠡᠭᠦᠷᠭᠡ ᠳᠠᠬᠢ ᠬᠤᠶᠠᠷ ᠬᠡᠰᠡᠭ ᠬᠠᠭᠤᠴᠢᠨ ᠴᠢᠯᠠᠭᠤᠨ | ᠪᠠᠭᠠᠵᠢ ᠶᠢᠨ ᠦᠶ᠎ᠡ ᠶᠢᠨ ᠰᠤᠶᠤᠯ ᠤᠨ ᠪᠠᠭᠤᠷᠢ ᠶᠢᠨ ᠶᠡᠷᠦᠩᠬᠡᠢ ᠨᠡᠷᠡᠶᠢᠳᠦᠯ ᠪᠤᠯᠤᠨ᠎ᠠ᠃ ᠨᠢᠭᠡ ᠨᠢ ᠬᠦᠬᠡᠬᠤᠲᠠ ᠠᠴᠠ ᠵᠡᠭᠦᠨᠰᠢ 33 ᠺᠢᠯᠤᠮᠧᠲᠷ ᠵᠠᠢ ᠲᠠᠢ | ᠪᠤᠷᠤᠬᠤᠰᠢᠭᠤ ᠰᠢᠶᠠᠩ ᠤᠨ ᠳ᠋ᠠ ᠶᠤᠤ ᠲᠤᠰᠬᠤᠨ ᠤ ᠡᠮᠦᠨ᠎ᠡ ᠠᠭᠤᠯᠠᠨ ᠳᠤ ᠪᠠᠶᠢᠵᠤ᠂ ᠡᠯ ᠳ᠋ᠤᠤ ᠭᠸᠦ ᠪᠤᠯᠤᠨ ᠰᠾ ᠳ᠋ᠤᠤ ᠭᠸᠦ ᠭᠡᠬᠦ ᠬᠤᠶᠠᠷ ᠪᠠᠭᠤᠷᠢ ᠶᠢ | ᠪᠠᠭᠳᠠᠭᠠᠳᠠᠭ᠃ ᠨᠦᠬᠦᠭᠡ ᠨᠢ ᠬᠦᠬᠡᠬᠤᠲᠠ ᠶᠢᠨ ᠬᠤᠶᠢᠨ᠎ᠠ 10 ᠺᠢᠯᠤᠮᠧᠲᠷ ᠵᠠᠢ ᠲᠠᠢ ᠢᠥᠢ ᠯᠢᠨ ᠭᠠᠴᠠᠭᠠᠨ ᠤ ᠡᠮᠦᠨᠡᠲᠦ ᠨᠠᠢᠮᠠᠨ ᠪᠠᠶᠢᠰᠢᠩ ︵ᠴᠢᠶᠠᠨ ᠨᠠᠢ | ᠮᠧ ᠪᠠᠨ ᠼᠦᠨ︶ ᠲᠤᠰᠬᠤᠨ ᠤ ᠣᠪᠤᠭ᠎ᠠ ᠨᠢᠷᠤᠭᠤ ︵ᠨᠣᠣ ᠪᠣᠤ ᠯᠢᠶᠠᠩ︶ ᠲᠡᠭᠡᠷ᠎ᠡ ᠪᠠᠶᠢᠳᠠᠭ᠃ ᠡᠨᠡ ᠬᠤᠶᠠᠷ ᠪᠠᠭᠤᠷᠢ ᠶᠢ ᠦᠪᠦᠷ ᠮᠤᠩᠭᠤᠯ ᠤᠨ | ᠲᠡᠦᠭᠡ ᠶᠢᠨ ᠲᠤᠷᠠᠰᠬᠠᠯᠳᠤ ᠵᠦᠢᠯᠡᠰ ᠢ ᠰᠢᠨᠵᠢᠯᠡᠨ ᠪᠠᠶᠢᠴᠠᠭᠠᠬᠤ ᠠᠵᠢᠯᠲᠠᠳ 1973 ᠣᠨ ᠳᠤ ᠪᠠᠶᠢᠴᠠᠭᠠᠨ ᠢᠯᠡᠷᠡᠭᠦᠯᠦᠭᠰᠡᠨ ᠶᠤᠮ᠃ ᠲᠡᠭᠡᠭᠡᠳ 1976 | ᠣᠨ ᠤ 9 ᠰᠠᠷ᠎ᠠ ᠳᠤ ᠵᠢᠩᠬᠢᠨᠢ ᠪᠠᠷ ᠨᠡᠭᠡᠭᠡᠯᠲᠡ ᠬᠢᠪᠡ᠂ ᠨᠡᠭᠡᠭᠡᠯᠲᠡ ᠶᠢᠨ ᠶᠠᠪᠤᠴᠠ ᠳᠤ ᠬᠠᠯᠠᠬᠤ ᠰᠢᠨ᠎ᠡ ᠭᠠᠯᠪᠠ ᠶᠢᠨ ᠰᠡᠭᠦᠯᠴᠢ ᠶᠢᠨ ᠦᠶ᠎ᠡ ᠶᠢᠨ ᠮᠠ ᠯᠠᠨ | ᠰᠢᠷ᠎ᠠ ᠰᠢᠷᠤᠶᠢᠳᠤ ᠲᠠᠪᠬᠤᠷᠭ᠎ᠠ ᠪᠠ ᠨᠠᠩᠭᠢ ᠬᠠᠷ᠎ᠠ ᠰᠢᠷᠤᠶᠢᠲᠤ ᠲᠠᠪᠬᠤᠷᠭ᠎ᠠ ᠠᠴᠠ 394 ᠢᠵᠢ ᠴᠢᠯᠠᠭᠤᠨ ᠪᠠᠭᠠᠵᠢ᠂ 1200 ᠭᠠᠷᠤᠢ ᠬᠡᠰᠡᠭ | ᠬᠠᠪᠳᠠᠭᠠᠶᠢᠯᠢᠭ ᠴᠢᠯᠠᠭᠤ ᠵᠡᠷᠭᠡ ᠶᠢ ᠣᠯᠪᠠ᠃ ᠴᠢᠯᠠᠭᠤᠨ ᠪᠠᠭᠠᠵᠢ ᠶᠢᠨ ᠣᠯᠠᠩᠭᠢ ᠨᠢ ᠠᠩᠬ᠎ᠠ ᠠᠯᠬᠤᠮ ᠤᠨ ᠵᠠᠰᠠᠯᠲᠠ ᠬᠢᠭᠰᠡᠨ ᠵᠦᠢᠯᠡᠰ ᠪᠠᠶᠢᠵᠤ᠂ | ᠬᠡᠯᠪᠡᠷᠢ ᠠᠴᠠ ᠨᠢ ᠦᠵᠡᠪᠡᠯ ᠴᠠᠪᠴᠢᠨ ᠪᠠᠯᠪᠠᠴᠢᠬᠤ ᠪᠠᠭᠠᠵᠢ᠂ ᠱᠤᠪᠬᠤ ᠦᠵᠦᠭᠦᠷᠲᠦ ᠪᠠᠭᠠᠵᠢ᠂ ᠬᠤᠰᠤᠵᠤ ᠵᠣᠷᠭᠤᠬᠤ ᠪᠠᠭᠠᠵᠢ᠂ ᠴᠢᠯᠠᠭᠤᠨ ᠰᠦᠬᠡ᠂ | ᠴᠢᠯᠠᠭᠤᠨ ᠠᠯᠤᠬ᠎ᠠ᠂ ᠴᠢᠯᠠᠭᠤᠨ ᠪᠦᠮᠪᠦᠭᠡ ᠵᠡᠷᠭᠡ ᠪᠠᠶᠢᠪᠠ᠂ ᠡᠭᠦᠨ ᠳᠤ ᠶᠠᠰᠤᠲᠤ ᠮᠡᠯᠡᠬᠡᠢ ᠶᠢᠨ ᠨᠢᠷᠤᠭᠤᠨ ᠬᠡᠯᠪᠡᠷᠢᠲᠦ ᠬᠤᠰᠤᠵᠤ ᠵᠣᠷᠭᠤᠬᠤ ᠪᠠᠭᠠᠵᠢ ᠨᠢ | ᠬᠠᠮᠤᠭ ᠠᠴᠠ ᠨᠡᠶᠢᠲᠡᠯᠢᠭ ᠤᠨᠴᠠᠯᠢᠭ ᠲᠠᠢ ᠪᠦᠭᠡᠳ ᠶᠡᠭᠡ ᠪᠠᠭ᠎ᠠ ᠶᠢᠨ ᠬᠡᠮᠵᠢᠶ᠎ᠡ ᠨᠢ ᠲᠤᠮᠳᠠ ᠡᠷᠢᠨ ᠤ ᠬᠢ ᠠᠴᠠ ᠪᠠᠨ ᠪᠠᠭ᠎ᠠ ᠪᠠᠶᠢᠵᠠᠢ᠃ ᠪᠠᠰᠠ ᠫᠢᠯᠠ | ᠬᠡᠯᠪᠡᠷᠢᠲᠦ ᠪᠠ ᠪᠠᠭᠠᠨ᠎ᠠ ᠬᠡᠯᠪᠡᠷᠢᠲᠦ ᠴᠢᠯᠠᠭᠤᠨ ᠴᠦᠮ᠎ᠡ ᠢᠯᠡᠷᠡᠪᠡ᠃ ᠲᠡᠭᠦᠨ ᠤ ᠭᠠᠵᠠᠷ ᠰᠢᠨᠵᠢᠯᠡᠭᠡᠨ ᠤ ᠴᠠᠭ ᠦᠶ᠎ᠡ ᠨᠢ ᠬᠠᠯᠠᠬᠤ ᠰᠢᠨ᠎ᠡ ᠭᠠᠯᠪᠠ ᠶᠢᠨ | ᠰᠡᠭᠦᠯᠴᠢ ᠶᠢᠨ ︵Q3) ᠡᠷᠢᠨ ᠪᠠᠶᠢᠵᠤ᠂ ᠲᠡᠦᠭᠡ ᠶᠢᠨ ᠴᠠᠭ ᠦᠶ᠎ᠡ ᠨᠢ ᠬᠠᠭᠤᠴᠢᠨ ᠴᠢᠯᠠᠭᠤᠨ ᠪᠠᠭᠠᠵᠢ ᠶᠢᠨ ᠡᠷᠢᠨ ᠤ ᠰᠡᠭᠦᠯᠴᠢ ᠦᠶ᠎ᠡ ᠪᠠᠶᠢᠪᠠ᠃ | ᠭᠠᠵᠠᠷ ᠤᠨ ᠳᠠᠪᠬᠤᠷᠭ᠎ᠠ ᠠᠴᠠ ᠪᠠᠰᠠ ᠪᠤᠭᠤ ᠪᠠ ᠪᠦᠬᠦᠩ ᠵᠡᠷᠭᠡ ᠬᠦᠬᠦᠳᠡᠨ ᠤ ᠴᠢᠯᠠᠭᠤᠵᠢᠮᠠᠯ ᠲᠠᠭᠠᠯᠳᠤᠨ ᠢᠯᠡᠷᠡᠪᠡ᠃ ᠡᠳᠡᠭᠡᠷ ᠰᠣᠶᠤᠯ ᠤᠨ ᠦᠯᠡᠳᠡᠭᠳᠡᠯ ᠪᠠ | ᠳᠤᠷᠠᠰᠬᠠᠯᠳᠤ ᠵᠦᠢᠯᠡᠰ ᠢ ᠵᠠᠳᠠᠯᠤᠨ ᠰᠢᠨᠵᠢᠯᠡᠭᠡᠳ ᠲᠤᠬᠠᠢ ᠶᠢᠨ ᠦᠶ᠎ᠡ ᠳᠤ ᠬᠦᠮᠦᠨ ᠲᠦᠷᠦᠯᠬᠢᠳᠡᠨ ᠠᠩ ᠬᠦᠷᠦᠭᠡ ᠪᠠᠷ ᠭᠤᠣᠯᠯᠠᠭᠤᠯᠵᠤ᠂ ᠲᠡᠭᠦᠵᠦ | ᠬᠤᠷᠠᠮᠳᠤᠭᠤᠯᠬᠤ ᠪᠠᠷ ᠳᠡᠮᠨᠡᠭᠦᠯᠦᠭᠰᠡᠨ ᠠᠮᠢᠳᠤᠷᠠᠯ ᠢ ᠬᠢᠵᠦ ᠪᠠᠶᠢᠵᠠᠢ ᠭᠡᠳᠡᠭ ᠢ ᠮᠡᠳᠡᠪᠡ᠃ ᠡᠳᠡᠭᠡᠷ ᠠᠴᠠ ᠭᠠᠳᠠᠨ᠎ᠠ᠂ ᠰᠢᠷᠤᠢ ᠶᠢᠨ ᠲᠤᠪᠤᠴᠠᠭ ᠤᠨ | ᠳᠤᠤᠷᠠᠬᠢ ᠪᠦᠷᠢᠨ ᠰᠢᠨ᠎ᠡ ᠭᠠᠯᠪᠠ ᠶᠢᠨ ᠬᠦᠷᠦᠰᠦᠨ ᠭᠠᠳᠠᠷᠭᠤ ᠳᠠᠪᠬᠤᠷᠭ᠎ᠠ ᠠᠴᠠ ᠪᠠᠰᠠ ᠴᠢᠯᠠᠭᠤᠨ ᠳᠡᠯᠪᠢ᠂ ᠬᠤᠰᠤᠵᠤ ᠵᠣᠷᠭᠤᠬᠤ ᠪᠠᠭᠠᠵᠢ᠂ ᠱᠤᠪᠬᠤ | ᠦᠵᠦᠭᠦᠷᠲᠦ ᠪᠠᠭᠠᠵᠢ ᠪᠠ ᠱᠤᠪᠤᠭᠤᠷ ᠦᠵᠦᠭᠦᠷᠲᠦ ᠴᠢᠯᠠᠭᠤᠨ ᠴᠦᠮ᠎ᠡ ᠵᠡᠷᠭᠡ ᠶᠢ ᠢᠯᠡᠷᠡᠭᠦᠯᠦᠭᠰᠡᠨ ᠶᠤᠮ᠂ ᠡᠨᠡ ᠬᠡᠰᠡᠭ ᠴᠢᠯᠠᠭᠤᠨ ᠪᠠᠭᠠᠵᠢ ᠨᠢ ᠬᠠᠯᠠᠬᠤ | ᠰᠢᠨ᠎ᠡ ᠭᠠᠯᠪᠠ ᠶᠢᠨ ᠰᠡᠭᠦᠯᠴᠢ ᠡᠷᠢᠨ ᠤ ᠬᠦᠷᠦᠰᠦᠨ ᠳᠠᠪᠬᠤᠷᠭ᠎ᠠ ᠠᠴᠠ ᠢᠯᠡᠷᠡᠭᠦᠯᠦᠭᠰᠡᠨ ᠴᠢᠯᠠᠭᠤᠨ ᠪᠠᠭᠠᠵᠢ ᠨᠤᠭᠤᠳ ᠠᠴᠠ ᠶᠡᠷᠦᠩᠬᠡᠢ ᠳᠡᠭᠡᠨ ᠵᠢᠵᠢᠭ | ᠪᠠᠶᠢᠵᠤ᠂ ᠬᠢᠴᠡ ᠵᠤᠬᠢᠶᠠᠮᠵᠢ ᠨᠢ ᠨᠠᠷᠢᠯᠢᠭ᠂ ᠰᠢᠨ᠎ᠡ ᠴᠢᠯᠠᠭᠤᠨ ᠪᠠᠭᠠᠵᠢ ᠶᠢᠨ ᠡᠷᠢᠨ ᠤ ᠨᠠᠷᠢᠯᠢᠭ ᠴᠢᠯᠠᠭᠤᠨ ᠪᠠᠭᠠᠵᠢ ᠶᠢᠨ ᠨᠡᠶᠢᠳᠡᠯᠢᠭ ᠤᠨᠴᠠᠯᠢᠭ ᠲᠠᠢ ᠶᠡᠬᠡᠯ᠎ᠡ | ᠤᠶᠢᠷᠠᠯᠴᠠᠭ᠎ᠠ ᠪᠠᠶᠢᠭᠰᠠᠨ ᠨᠢ ᠴᠠᠭ ᠦᠶ᠎ᠡ ᠶᠢᠨ ᠦᠯᠡᠳᠡᠭᠳᠡᠯ ᠤᠯᠠᠮᠵᠢᠯᠠᠯ ᠤᠨ ᠵᠠᠯᠭᠠᠮᠵᠢᠯᠠᠯᠲᠤ ᠬᠠᠷᠢᠴᠠᠭ᠎ᠠ ᠶᠢ ᠬᠠᠷᠠᠭᠤᠯᠤᠭᠰᠠᠨ ᠪᠠᠶᠢᠨ᠎ᠠ᠃ | | | | | | | | | | | |