ᠲᠠᠪᠤᠨ ᠲᠤᠯᠤᠭᠠᠢ ᠳᠠᠬᠢ ᠬᠠᠨ ᠤᠯᠤᠰ ᠤᠨ ᠦᠶ᠎ᠡ ᠶᠢᠨ ᠦᠴᠢᠤᠸᠠᠨ ᠰᠢᠶᠠᠨ ᠤ ᠬᠤᠲᠠ ᠶᠢᠨ ᠪᠠᠭᠤᠷᠢ
ᠨᠡᠶᠢᠲᠡᠯᠡᠭᠰᠡᠨ ᠴᠠᠭ᠄
2020/11/13
     ᠡᠷᠲᠡᠨ ᠤ ᠬᠤᠲᠠ ᠶᠢᠨ ᠪᠠᠭᠤᠷᠢ᠃ ᠪᠠᠰᠠ ᠲᠠᠯ᠎ᠠ ᠶᠢᠨ ᠡᠷᠲᠡᠨ ᠤ ᠬᠤᠲᠠ ᠭᠡᠳᠡᠭ᠃ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠬᠦᠬᠡᠬᠤᠲᠠ ᠶᠢᠨ ᠵᠡᠭᠦᠨ ᠬᠤᠶᠢᠨ᠎ᠠ15 ᠺᠢᠯᠤᠮᠧᠲᠷ ᠵᠠᠢ ᠲᠠᠢ ᠪᠠᠶᠢᠭ᠎ᠠ ᠯᠦᠸᠧ ᠵᠢᠶᠠ ᠶᠢᠩ ᠰᠢᠶᠠᠩ ᠤᠨ ᠲᠠᠯ᠎ᠠ ᠶᠢᠨ ᠠᠶᠢᠯ ᠲᠤᠰᠬᠤᠨ ᠤ ᠠᠷᠤ ᠳᠤ ᠪᠠᠶᠢᠳᠠᠭ᠃ ᠲᠤᠳᠤᠷ᠎ᠠ ᠭᠠᠳᠠᠷ ᠬᠤᠶᠠᠷ ᠬᠤᠳᠠ ᠪᠠᠷ ᠪᠦᠷᠢᠯᠳᠦᠵᠦ᠂ ᠬᠢᠲᠠᠳ《回》ᠦᠰᠦᠭ ᠤᠨ ᠬᠡᠯᠪᠡᠷᠢ ᠲᠠᠢ ᠪᠠᠶᠢᠳᠠᠭ᠃ ᠲᠤᠳᠤᠷ᠎ᠠ ᠬᠤᠲᠠ ᠨᠢ ᠠᠷᠤ ᠬᠡᠰᠡᠭ ᠲᠤᠨᠢ ᠪᠠᠶᠢᠵᠤ  ᠲᠡᠭᠰᠢ ᠲᠦᠷᠪᠡᠯᠵᠢᠨ ᠬᠡᠯᠪᠡᠷᠢ ᠲᠠᠢ᠂ ᠲᠠᠯ᠎ᠠ ᠶᠢᠨ ᠤᠷᠳᠤ ᠨᠢ 250 ᠮᠧᠲᠷ᠃ ᠤᠷᠴᠢᠨ ᠲᠤᠭᠤᠷᠢᠨ ᠳᠤᠨᠢ ᠬᠠᠨ ᠲᠥᠷᠥ ᠶᠢᠨ ᠦᠶ᠎ᠡ ᠶᠢᠨ ᠸᠠᠭᠠᠷ ᠲᠤᠭᠤᠰᠬ᠎ᠠ ᠮᠠᠰᠢ ᠠᠷᠪᠢᠨ ᠪᠠᠶᠢᠳᠠᠭ᠃ ᠭᠠᠳᠠᠷ ᠬᠤᠲᠠ ᠶᠢ ᠲᠤᠳᠤᠷ᠎ᠠ ᠬᠤᠲᠠ ᠶᠢᠨ ᠭᠠᠳᠠᠭᠤᠷ ᠬᠦᠷᠢᠶᠡᠯᠡᠭᠦᠯᠦᠨ ᠪᠠᠶᠢᠭᠤᠯᠤᠭᠰᠠᠨ ᠪᠠᠶᠢᠨ᠎ᠠ ᠂ ᠡᠮᠦᠨ᠎ᠡ ᠠᠴᠠ ᠤᠮᠠᠷᠠᠰᠢ ᠤᠷᠳᠤ ᠨᠢ 900 ᠮᠧᠲᠷ᠂ ᠵᠡᠭᠦᠨ ᠠᠴᠠ ᠪᠠᠷᠠᠭᠤᠨᠰᠢ ᠦᠷᠭᠡᠨ ᠨᠢ 850 ᠮᠧᠲᠷ᠂ ᠤᠷᠴᠢᠮ ᠳᠤᠨᠢ ᠸᠠᠭᠠᠷ ᠤᠨ ᠬᠡᠮᠬᠡᠷᠬᠡᠢ ᠵᠦᠢᠯᠡᠰ ᠴᠦᠭᠡᠨ ᠪᠤᠰᠤ᠃ ᠬᠤᠲᠠ ᠶᠢᠨ ᠬᠡᠷᠡᠮ ᠨᠡᠯᠢᠶᠡᠳ ᠪᠦᠷᠢᠨ ᠪᠦᠳᠦᠨ᠂ ᠰᠠᠭᠤᠷᠢ ᠶᠢᠨ ᠦᠷᠭᠡᠨ ᠨᠢ15 ᠮᠧᠲᠷ᠂ ᠡᠪᠳᠡᠷᠬᠡᠢ ᠦᠨᠳᠦᠷ ᠨᠢ 2 ~3 ᠮᠧᠲᠷ᠂ ᠭᠤᠤᠯᠳᠠᠭᠤ ᠬᠠᠪᠳᠠᠰᠤᠨ ᠸᠠᠭᠠᠷ᠂ ᠲᠦᠩᠰᠡ ᠸᠠᠭᠠᠷ ᠮᠡᠳᠦ ᠶᠢᠨ ᠪᠠᠷᠢᠯᠭ᠎ᠠ ᠶᠢᠨ ᠮᠠᠲ᠋ᠧᠷᠢᠶᠠᠯ ᠤᠯᠳᠠᠭᠰᠠᠨ ᠪᠦᠭᠡᠳ ᠪᠠᠰᠠ ᠪᠤᠷᠲᠤᠭᠤ᠂ ᠫᠧᠩᠰᠡ᠂ ᠠᠷᠢᠬᠢᠨ ᠰᠠᠪᠠ ᠮᠡᠳᠦ ᠶᠢᠨ ᠸᠠᠭᠠᠷ ᠰᠠᠪᠠ ᠶᠢᠨ ᠬᠡᠮᠬᠡᠷᠬᠡᠢ ᠤᠯᠳᠠᠪᠠ᠃ ᠬᠠᠪᠳᠠᠰᠤᠨ ᠸᠠᠭᠠᠷ ᠤᠨ ᠤᠯᠠᠩᠭᠢ ᠨᠢ ᠪᠦᠰᠡ ᠶᠢᠨ ᠰᠢᠷᠬᠡᠭᠲᠦ ᠬᠡ᠂ ᠲᠤᠨᠤᠯᠵᠢᠨ ᠬᠡ᠂ ᠪᠦᠳᠦᠭᠦᠯᠢᠭ ᠲᠡᠭᠡᠰᠦᠨ ᠬᠡ ᠲᠠᠢ᠃ ᠲᠤᠳᠤᠷ᠎ᠠ ᠬᠤᠲᠠ ᠶᠢᠨ ᠭᠠᠵᠠᠷ ᠤᠨ ᠭᠠᠳᠠᠷᠭᠤ ᠲᠡᠭᠡᠷ᠎ᠡ ᠠᠴᠠ ᠪᠠᠰᠠ ᠲᠤᠯᠭᠠᠭᠤᠷᠢ ᠶᠢᠨ ᠰᠠᠭᠤᠷᠢ᠂ ᠲᠡᠭᠡᠷᠮ᠎ᠡ ᠮᠡᠲᠦ ᠶᠢᠨ ᠲᠤᠷᠠᠰᠬᠠᠯᠳᠤ  ᠵᠦᠢᠯᠡᠰ ᠤᠯᠳᠠᠵᠠᠢ᠃ ᠲᠠᠯ᠎ᠠ ᠶᠢᠨ ᠠᠶᠢᠯ ᠲᠤᠰᠬᠤᠨ ᠤ ᠤᠷᠴᠢᠮ ᠪᠠᠰᠠ ᠰᠢᠷᠤᠢ ᠪᠠᠷ ᠪᠢᠳᠡᠭᠦᠮᠵᠢᠯᠡᠭᠰᠡᠨ ᠬᠠᠨ ᠤᠯᠤᠰ ᠤᠨ ᠲᠤᠮᠤ ᠤᠩᠭᠤᠨ5 ᠤᠯᠳᠠᠪᠠ᠂ ᠡᠭᠦᠨ‌ᠡᠴᠡ ᠪᠣᠯᠵᠤ ᠡᠨᠡ ᠭᠠᠵᠠᠷ ᠢ ︽ᠲᠠᠪᠤᠨ ᠲᠤᠯᠤᠭᠠᠢ︾ ᠭᠡᠳᠡᠭ ᠪᠠᠶᠢᠵᠠᠢ᠃ ᠲᠤᠰᠬᠤᠨ ᠤ ᠵᠡᠭᠦᠨ ᠬᠤᠶᠢᠳᠤ ᠦᠵᠦᠭᠦᠷ ᠠᠴᠠ ᠮᠠᠰᠢ ᠠᠷᠪᠢᠨ ᠲᠤᠭᠤᠰᠬᠠᠨ ᠬᠠᠨ᠎ᠠ ᠲᠠᠢ ᠤᠩᠭᠤᠨ ᠢᠯᠡᠷᠡᠭᠰᠡᠨ ᠤ ᠲᠤᠳᠤᠷ᠎ᠠ ᠪᠠᠭ᠎ᠠ ᠬᠠᠨᠠᠲᠤ ᠤᠩᠭᠤᠨ ᠭᠤᠤᠯᠯᠠᠬᠤ ᠪᠠᠶᠢᠷᠢ ᠶᠢ ᠡᠵᠡᠯᠡᠵᠦ ᠪᠠᠶᠢᠪᠠ᠃ ᠲᠡᠦᠭᠡᠨ ᠰᠤᠷᠪᠤᠯᠵᠢ ᠪᠢᠴᠢᠭ ᠪᠠ ᠬᠠᠮᠢᠶ᠎ᠠ ᠪᠦᠬᠦᠢ ᠬᠠᠭᠤᠴᠢ ᠰᠤᠳᠤᠯᠤᠯ ᠤᠨ ᠮᠠᠲ᠋ᠧᠷᠢᠶᠠᠯ ᠢ ᠦᠨᠳᠦᠰᠦᠯᠡᠪᠡᠯ᠂ ᠡᠨᠡ ᠬᠦ ᠬᠤᠲᠠ ᠨᠢ ᠬᠠᠨ ᠤᠯᠤᠰ ᠤᠨ ᠦᠶ᠎ᠡ ᠶᠢᠨ ᠦᠴᠢᠤᠸᠠᠨ ᠰᠢᠶᠠᠨ ᠤ ᠬᠠᠭᠤᠴᠢᠨ ᠬᠤᠲᠠ ᠪᠤᠯᠤᠨ᠎ᠠ᠃ ᠵᠠᠷᠢᠮ ᠡᠷᠳᠡᠮᠳᠡᠳ ᠤᠨ ᠦᠵᠡᠯᠲᠡ ᠪᠠᠷ ᠪᠣᠯ ᠬᠠᠨ ᠤᠯᠤᠰ ᠤᠨ ᠦᠶ᠎ᠡ ᠶᠢᠨ ᠳ᠋ᠢᠩ ᠰᠢᠶᠠᠩ ᠵᠢᠶᠦ᠋ᠨ ᠤ ᠪᠸᠢ ᠢᠥᠢ ᠰᠢᠶᠠᠨ ᠤ ᠪᠠᠭᠤᠷᠢ ᠭᠡᠳᠡᠭ᠃
         
ᠢᠷᠡᠯᠲᠡ᠄ ᠥᠪᠥᠷ ᠮᠣᠩᠭᠤᠯ  ᠤᠨ ᠥᠪᠡᠷᠲᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠸᠢᠴᠠᠲ ᠲᠠᠪᠴᠠᠩ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ