ᠸᠠᠩ ᠯᠢ ᠰᠢᠶᠠ ᠵᠠᠩ ᠪᠠᠢ ᠴᠧᠩ ᠲᠤᠰ ᠲᠤᠰ ᠠᠮᠧᠷᠢᠺᠠ ᠶᠢ ᠡᠰᠡᠷᠭᠦᠴᠡᠵᠦ ᠰᠣᠯᠣᠩᠭᠤᠰ ᠢ ᠲᠤᠰᠠᠯᠠᠭᠰᠠᠨ ᠰᠠᠶᠢᠨ ᠳᠤᠷ᠎ᠠ ᠶᠢᠨ ᠴᠡᠷᠢᠭ ᠤᠨ ᠠᠬᠠᠮᠠᠳ ᠪᠠᠶᠢᠯᠳᠤᠭᠴᠢᠳ ᠤᠨ ᠲᠥᠯᠥᠭᠡᠯᠡᠭᠴᠢ ᠶᠢ ᠪᠣᠯᠭᠤᠭᠠᠨ ᠲᠣᠬᠤᠨᠢᠭᠤᠯᠪᠠ
ᠨᠡᠶᠢᠲᠡᠯᠡᠭᠰᠡᠨ ᠴᠠᠭ᠄
2020/10/26
       2020 ᠣᠨ ᠪᠣᠯ ᠳᠤᠮᠳᠠᠳᠤ ᠤᠯᠤᠰ ᠤᠨ ᠠᠷᠠᠳ ᠤᠨ ᠰᠠᠶᠢᠨ ᠳᠤᠷ᠎ᠠ ᠶᠢᠨ ᠴᠡᠷᠢᠭ ᠤᠨ ᠠᠮᠧᠷᠢᠺᠠ ᠶᠢ ᠡᠰᠡᠷᠭᠦᠴᠡᠨ ᠰᠣᠯᠣᠩᠭᠤᠰ ᠢ ᠲᠤᠰᠠᠯᠠᠬᠤ ᠪᠠᠷ ᠭᠠᠳᠠᠭᠠᠳᠤ ᠳᠤ ᠭᠠᠷᠴᠤ ᠪᠠᠶᠢᠯᠳᠤᠭᠰᠠᠨ 70 ᠵᠢᠯ ᠤᠨ ᠤᠢ ᠪᠣᠯᠤᠨ᠎ᠠ᠃ 10  ᠳ᠋ᠤᠭᠠᠷ ᠰᠠᠷ᠎ᠠ ᠶᠢᠨ 24 ᠤ ᠡᠳᠦᠷ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ᠂ ᠬᠤᠲᠠ ᠶᠢᠨ ᠨᠠᠮ ᠤᠨ ᠬᠤᠷᠢᠶ᠎ᠠ ᠶᠢᠨ ᠱᠦᠵᠢ ᠸᠠᠩ ᠯᠢ ᠰᠢᠶᠠ᠂ ᠬᠤᠲᠠ ᠶᠢᠨ ᠨᠠᠮ ᠤᠨ ᠬᠤᠷᠢᠶ᠎ᠠ ᠶᠢᠨ ᠳᠡᠳ᠋ ᠱᠦᠵᠢ᠂ ᠬᠤᠲᠠ ᠶᠢᠨ ᠳᠠᠷᠤᠭ᠎ᠠ᠂ ᠬᠤᠷᠢᠨᠭᠡᠷ ᠰᠢᠨ᠎ᠡ ᠲᠣᠭᠤᠷᠢᠭ ᠤᠨ ᠨᠠᠮ ᠤᠨ ᠠᠵᠢᠯᠯᠠᠬᠤ ᠬᠤᠷᠢᠶ᠎ᠠ ᠶᠢᠨ ᠱᠦᠵᠢ ᠵᠠᠩ ᠪᠠᠢ ᠴᠧᠩ ᠲᠣᠰ ᠲᠣᠰ ᠠᠮᠧᠷᠢᠺᠠ ᠶᠢ ᠡᠰᠡᠷᠭᠦᠴᠡᠨ ᠰᠣᠯᠣᠩᠭᠤᠰ ᠢ ᠲᠤᠰᠠᠯᠠᠭᠰᠠᠨ ᠰᠠᠶᠢᠨ ᠳᠤᠷ᠎ᠠ ᠶᠢᠨ ᠴᠡᠷᠢᠭ ᠤᠨ ᠠᠬᠠᠮᠠᠳ ᠪᠠᠶᠢᠯᠳᠤᠭᠴᠢᠳ ᠤᠨ ᠲᠦᠯᠦᠭᠡᠯᠡᠭᠴᠢ ᠶᠢ ᠪᠣᠯᠭᠤᠭᠠᠨ ᠲᠣᠬᠤᠨᠢᠭᠤᠯᠵᠤ᠂ ᠲᠡᠳᠡᠨ ᠳᠤ ᠡᠷᠬᠢᠮ ᠳᠡᠭᠡᠳᠦ ᠬᠦᠨᠳᠦᠳᠬᠡᠯ ᠪᠠ ᠬᠠᠯᠠᠭᠤᠨ ᠳᠣᠲᠣᠨᠣ ᠮᠡᠨᠳᠦᠴᠢᠯᠡᠯ ᠳᠡᠪᠰᠢᠭᠦᠯᠪᠡ᠃      97 ᠨᠠᠰᠤᠲᠠᠢ ᠠᠮᠧᠷᠢᠺᠠ ᠶᠢ ᠡᠰᠡᠷᠭᠦᠴᠡᠨ ᠰᠣᠯᠣᠩᠭᠤᠰ ᠢ ᠲᠤᠰᠠᠯᠠᠭᠰᠠᠨ ᠰᠠᠶᠢᠨ ᠳᠤᠷ᠎ᠠ ᠶᠢᠨ ᠴᠡᠷᠢᠭ ᠤᠨ ᠠᠬᠠᠮᠠᠳ ᠪᠠᠶᠢᠯᠳᠤᠭᠴᠢ ᠶᠣᠣ ᠬᠤᠸᠠ ᡁᠢ 1949 ᠣᠨ ᠳᠤ ᠴᠡᠷᠢᠭ ᠲᠤ ᠣᠷᠤᠵᠤ᠂ 1951 ᠣᠨ ᠤ 10  ᠳ᠋ᠤᠭᠠᠷ ᠰᠠᠷ᠎ᠠ ᠳᠤ ᠰᠣᠯᠣᠩᠭᠤᠰ ᠤᠨ ᠳᠠᠶᠢᠨ ᠤ ᠲᠠᠯᠠᠪᠤᠷ ᠲᠤ ᠬᠦᠷᠴᠦ᠂ ᠣᠯᠠᠨ ᠤᠳᠠᠭ᠎ᠠ ᠭᠠᠪᠢᠶ᠎ᠠ ᠪᠠᠶᠢᠭᠤᠯᠤᠨ ᠱᠠᠩᠨᠠᠯ ᠭᠥᠷᠳᠡᠵᠦ᠂ 1955 ᠣᠨ ᠳᠤ ᠴᠡᠷᠢᠭ ᠠᠴᠠ ᠬᠠᠯᠠᠭᠳᠠᠪᠠ᠃ ᠶᠣᠣ ᠬᠤᠸᠠ ᡁᠢ ᠶᠢᠨ ᠭᠡᠷ ᠲᠤ᠂ ᠸᠠᠩ ᠯᠢ ᠰᠢᠶᠠ ᠨᠠᠰᠤᠲᠠᠨ ᠲᠠᠢ ᠵᠣᠭᠤᠭᠳᠠᠵᠤ᠂ ᠨᠠᠰᠤᠲᠠᠨ ᠤ ᠪᠡᠶ᠎ᠡ ᠲᠡᠩᠬᠡᠭᠡ ᠪᠣᠯᠤᠨ ᠠᠮᠢᠳᠤᠷᠠᠯ ᠤᠨ ᠪᠠᠶᠢᠳᠠᠯ ᠢ ᠨᠠᠷᠢᠨ ᠣᠶᠢᠯᠠᠭᠠᠵᠤ᠂ ᠨᠠᠰᠤᠳᠠᠨ ᠤ ᠤᠯᠤᠰ ᠣᠷᠣᠨ ᠳᠠᠭᠠᠨ ᠦᠵᠡᠭᠦᠯᠦᠭᠰᠡᠨ ᠬᠤᠪᠢ ᠨᠡᠮᠡᠷᠢ ᠳᠤ ᠳᠠᠯᠠᠷᠬᠠᠵᠠᠢ᠃ ᠸᠠᠩ ᠯᠢ ᠰᠢᠶᠠ ᠬᠡᠯᠡᠭᠰᠡᠨ ᠨᠢ᠂ ᠦᠨᠦᠳᠦᠷ ᠤᠨ ᠪᠢᠳᠠᠨ ᠤ ᠡᠨᠡᠬᠦ ᠵᠣᠯ ᠵᠢᠷᠭᠠᠯᠲᠤ ᠠᠮᠢᠳᠤᠷᠠᠯ ᠢ ᠠᠬᠠᠮᠠᠳ ᠨᠢᠭᠡ ᠦᠶ᠎ᠡ ᠶᠢᠨ ᠬᠤᠪᠢᠰᠬᠠᠯᠲᠤ ᠪᠠᠭᠠᠲᠤᠷᠴᠤᠳ ᠦᠷᠡᠭᠳᠡᠬᠦ ᠠᠴᠠ ᠠᠶᠤᠬᠤ ᠦᠭᠡᠢ᠂ ᠴᠢᠰᠤ ᠤᠷᠤᠰᠬᠠᠨ ᠪᠠᠶᠢᠯᠳᠤᠵᠤ ᠪᠠᠶᠢᠭᠠᠳ ᠣᠯᠤᠭᠰᠠᠨ ᠶᠤᠮ᠂ ᠲᠤᠬᠠᠶ ᠶᠢᠨ ᠵᠢᠯ ᠳᠤ ᠰᠠᠶᠢᠨ ᠳᠤᠷ᠎ᠠ ᠶᠢᠨ ᠴᠡᠷᠢᠭ ᠤᠨ ᠪᠠᠶᠢᠯᠳᠤᠭᠴᠢᠳ ᠠᠮᠧᠷᠢᠺᠠ ᠶᠢ ᠡᠰᠡᠷᠭᠦᠴᠡᠨ ᠰᠣᠯᠣᠩᠭᠤᠰ ᠢ ᠲᠤᠰᠠᠯᠠᠵᠤ᠂ ᠡᠩᠭᠡ ᠲᠠᠶᠢᠪᠤᠩ ᠢ ᠬᠠᠮᠠᠭᠠᠯᠠᠨ᠂ ᠮᠠᠰᠢ ᠶᠡᠭᠡ ᠦᠷᠡᠭᠳᠡᠯ ᠭᠠᠷᠭᠠᠭᠰᠠᠨ᠂ ᠡᠭᠦᠨ ᠢ ᠨᠠᠮ ᠪᠠ ᠠᠷᠠᠳ ᠲᠦᠮᠡᠨ ᠥᠨᠢ ᠡᠭᠦᠷᠢᠳᠡ ᠮᠠᠷᠲᠠᠬᠤ ᠦᠭᠡᠢ ᠶᠤᠮ᠃ ᠪᠢᠳᠡ ᠶᠡᠷᠦᠩᠬᠡᠶ ᠱᠦᠵᠢ ᠰᠢ ᠶᠢᠨ ᠫᠢᠩ ᠤᠨ ᠳᠤᠮᠳᠠᠳᠤ ᠤᠯᠤᠰ ᠤᠨ ᠠᠷᠠᠳ ᠤᠨ ᠰᠠᠶᠢᠨ ᠳᠤᠷ᠎ᠠ ᠶᠢᠨ ᠴᠡᠷᠢᠭ ᠤᠨ ᠠᠮᠧᠷᠢᠺᠠ ᠶᠢ ᠡᠰᠡᠷᠭᠦᠴᠡᠵᠦ ᠰᠣᠯᠣᠩᠭᠤᠰ ᠢ ᠲᠤᠰᠠᠯᠠᠬᠤ ᠪᠠᠷ ᠭᠠᠳᠠᠭᠠᠳᠤ ᠳᠤ ᠭᠠᠷᠴᠤ ᠪᠠᠶᠢᠯᠳᠤᠭᠰᠠᠨ 70 ᠵᠢᠯ ᠤᠨ ᠤᠢ ᠶᠢ ᠳᠤᠷᠠᠰᠬᠠᠬᠤ ᠶᠡᠭᠡ ᠬᠤᠷᠠᠯ ᠳᠡᠭᠡᠷᠡᠬᠢ ᠴᠢᠬᠤᠯᠠ ᠶᠠᠷᠢᠶ᠎ᠠ ᠶᠢ ᠰᠤᠷᠤᠯᠴᠠᠨ ᠲᠤᠭᠤᠰᠢᠯᠠᠭᠤᠯᠵᠤ᠂ ᠠᠮᠧᠷᠢᠺᠠ ᠶᠢ ᠡᠰᠡᠷᠭᠦᠴᠡᠨ ᠰᠣᠯᠣᠩᠭᠤᠰ ᠢ ᠲᠤᠰᠠᠯᠠᠬᠤ ᠠᠭᠤᠤ ᠶᠡᠭᠡ ᠵᠣᠷᠢᠭ ᠰᠠᠨᠠᠭ᠎ᠠ ᠪᠠᠷ ᠵᠣᠷᠢᠭᠵᠢᠭᠤᠯᠤᠯ ᠪᠣᠯᠭᠠᠨ ᠰᠢᠨ᠎ᠡ ᠴᠠᠭ ᠦᠶ᠎ᠡ ᠳᠤ ᠦᠷᠭᠦᠯᠵᠢᠯᠡᠨ ᠡᠷᠡᠯᠬᠡᠭᠯᠡᠨ ᠤᠷᠤᠭᠰᠢᠯᠠᠶ᠎ᠠ᠃ ᠠᠬᠠᠮᠠᠳ ᠪᠠᠶᠢᠯᠳᠤᠭᠴᠢᠳ ᠤᠨ ᠠᠮᠢᠳᠤᠷᠠᠯ ᠵᠣᠯ ᠵᠢᠷᠭᠠᠯ ᠲᠠᠢ᠂ ᠤᠷᠲᠤ ᠨᠠᠰᠤᠯᠠᠵᠤ ᠤᠳᠠᠭᠠᠨ ᠵᠢᠷᠭᠠᠬᠤ ᠶᠢ ᠬᠦᠰᠡᠵᠦ ᠪᠠᠶᠢᠨ᠎ᠠ ᠭᠡᠵᠡᠢ᠃      90 ᠨᠠᠰᠤᠲᠠᠶ ᠠᠮᠧᠷᠢᠺᠠ ᠶᠢ ᠡᠰᠡᠷᠭᠦᠴᠡᠨ ᠰᠣᠯᠣᠩᠭᠤᠰ ᠢ ᠲᠤᠰᠠᠯᠠᠭᠰᠠᠨ ᠰᠠᠶᠢᠨ ᠳᠤᠷ᠎ᠠ ᠶᠢᠨ ᠴᠡᠷᠢᠭ ᠤᠨ ᠠᠬᠠᠮᠠᠳ ᠪᠠᠶᠢᠯᠳᠤᠭᠴᠢ ᠼᠦᠢ ᠮᠤᠤ ᠬᠤᠸᠠ 1951 ᠣᠨ ᠳᠤ ᠴᠡᠷᠢᠭ ᠲᠤ ᠣᠷᠤᠵᠤ᠂ 1952 ᠣᠨ ᠳᠤ ᠤᠯᠤᠰ ᠠᠴᠠ ᠭᠠᠷᠴᠤ ᠰᠣᠯᠣᠩᠭᠤᠰ ᠲᠤ ᠬᠦᠷᠴᠦ ᠪᠠᠶᠢᠯᠳᠤᠨ᠂ ᠠᠷᠤ ᠲᠠᠯ᠎ᠠ ᠶᠢᠨ ᠲᠡᠭᠡᠭᠡᠪᠦᠷᠢ ᠪᠠ ᠤᠬᠠᠭᠤᠯᠭ᠎ᠠ ᠶᠢᠨ ᠠᠵᠢᠯ ᠬᠢᠵᠦ᠂ 1956 ᠣᠨ ᠳᠤ ᠦᠩᠭᠡ ᠭᠡᠷᠡᠯᠲᠡᠢ ᠪᠠᠷ ᠴᠡᠷᠢᠭ ᠠᠴᠠ ᠪᠠᠨ ᠬᠠᠯᠠᠭᠳᠠᠵᠤ ᠭᠡᠷ  ᠲᠡᠭᠡᠨ ᠬᠠᠷᠢᠵᠤ ᠲᠠᠷᠢᠶᠠᠨ ᠠᠵᠢᠯ ᠬᠢᠵᠡᠶ᠃ ᠼᠦᠢ ᠮᠤᠤ ᠬᠤᠸᠠ ᠶᠢᠨ ᠭᠡᠷ ᠲᠤ ᠵᠠᠩ ᠪᠠᠢ ᠴᠧᠩ ᠨᠠᠰᠤᠲᠠᠨ ᠳᠤ ︽ᠪᠥᠬᠦᠳᠡ ᠨᠠᠶᠢᠷᠠᠮᠳᠠᠬᠤ ᠤᠯᠤᠰ ᠤᠨ ᠪᠠᠶᠢᠯᠳᠤᠭᠴᠢ ᠳᠤ ᠬᠦᠨᠳᠦᠳᠬᠡᠯ ᠲᠡᠪᠰᠢᠭᠦᠯᠦᠶ᠎ᠡ︾ ᠭᠡᠬᠦ ᠲᠤᠤᠰᠠ ᠶᠢ ᠵᠡᠭᠦᠯᠭᠡᠵᠦ᠂ ᠲᠣᠬᠤᠨᠢᠭᠤᠯᠬᠤ ᠵᠠᠬᠢᠳᠠᠯ ᠪᠠ ᠲᠣᠬᠤᠨᠢᠭᠤᠯᠬᠤ ᠮᠥᠩᠭᠦ ᠪᠠᠨ ᠨᠠᠰᠤᠲᠠᠨ ᠳᠤ ᠭᠠᠷᠳᠠᠭᠤᠯᠪᠠ᠃ ᠲᠡᠷᠡ ᠨᠠᠰᠤᠲᠠᠨ ᠤ ᠭᠡᠷ ᠤᠨ ᠬᠥᠮᠦᠰ ᠪᠣᠯᠤᠨ ᠬᠤᠯᠪᠤᠭᠳᠠᠯ ᠪᠦᠬᠦᠢ ᠰᠠᠯᠠᠭ᠎ᠠ ᠮᠥᠴᠢᠷ ᠤᠨ ᠬᠢᠨ ᠳᠤ ᠨᠠᠰᠤᠲᠠᠨ ᠢ ᠵᠠᠪᠠᠯ ᠰᠠᠶᠢᠬᠠᠨ ᠬᠠᠷᠠᠭᠠᠯᠵᠠᠵᠤ᠂ ᠨᠠᠰᠤᠲᠠᠨ ᠢ ᠪᠠᠶᠠᠷ ᠪᠠᠶᠠᠰᠬᠤᠯᠠᠩ ᠲᠠᠢ ᠠᠮᠢᠳᠤᠷᠠᠭᠤᠯᠬᠤ ᠶᠢ ᠬᠦᠰᠡᠪᠡ᠃      ᠬᠤᠲᠠ ᠶᠢᠨ ᠤᠳᠤᠷᠢᠳᠤᠯᠭ᠎ᠠ ᠡᠤ ᠸᠧᠨ ᠮᠢᠩ᠂ ᠰᠢᠤᠢ ᠷᠦᠢ ᠰᠢᠶᠠ᠂ ᠬᠤᠲᠠ ᠶᠢᠨ ᠵᠠᠰᠠᠭ ᠤᠨ ᠣᠷᠳᠣᠨ ᠤ ᠨᠠᠷᠢᠨ ᠪᠢᠴᠢᠭ ᠤᠨ ᠳᠠᠷᠤᠭ᠎ᠠ ᠵᠠᠩ ᠵᠥᠩ ᠳ᠋ᠦᠩ ᠵᠢᠴᠢ ᠬᠠᠮᠢᠶ᠎ᠠ ᠪᠥᠬᠦᠶ ᠰᠠᠯᠠᠭ᠎ᠠ ᠮᠥᠴᠢᠷ ᠤᠨ ᠬᠠᠷᠢᠭᠤᠴᠠᠯᠭᠠᠲᠠᠨ ᠨᠥᠬᠦᠳ ᠪᠣᠯᠭᠤᠭᠠᠨ ᠲᠣᠬᠤᠨᠢᠭᠤᠯᠬᠤ ᠳᠤ ᠣᠷᠣᠯᠴᠠᠪᠠ᠃                                   ᠰᠤᠷᠪᠤᠯᠵᠢᠯᠠᠭᠴᠢ ᠹᠧᠩ ᠶᠠᠨ ᠫᠢᠩ ᠯᠢ ᠬᠠᠢ ᠵᠧᠨ
 
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号