ᠱᠢ ᠲᠠᠢ ᠹᠧᠩ ᠮᠡᠳᠡᠭᠦᠯᠦᠯᠲᠡ ᠶᠢᠨ ᠬᠤᠷᠠᠯ ᠢ ᠡᠷᠬᠢᠯᠡᠭᠰᠡᠨ ᠪᠥᠭᠡᠳ | ᠮᠡᠳᠡᠭᠦᠯᠦᠯᠲᠡ ᠶᠢᠨ ᠪᠦᠯᠬᠦᠮ ᠤᠨ ᠭᠡᠰᠢᠭᠦᠳ ᠲᠠᠢ ᠠᠭᠤᠯᠵᠠᠪᠠ | ᠥᠪᠥᠷ ᠮᠣᠩᠭᠤᠯ ᠤᠨ ᠡᠳᠦᠷ ᠤᠨ ᠰᠣᠨᠢᠨ ᠤ ᠮᠡᠳᠡᠭᠡ ︵ ᠰᠤᠷᠪᠤᠯᠵᠢᠯᠠᠭᠴᠢ ᠵᠠᠩ ᠺᠦᠢ ᠬᠥᠬᠡᠬᠤᠲᠠ ᠶᠢᠨ | ᠡᠳᠦᠷ ᠤᠨ ᠰᠣᠨᠢᠨ ᠤ ᠰᠤᠷᠪᠤᠯᠵᠢᠯᠠᠭᠴᠢ ᠹᠧᠩ ᠶᠠᠨ ᠫᠢᠩ ᠮᠢᠶᠥᠥ ᠰᠢᠨ︶ 10 ᠳ᠋ᠤᠭᠠᠷ ᠰᠠᠷ᠎ᠠ ᠶᠢᠨ 22 ᠤᠨ | ᠡᠳᠦᠷ᠂ ᠪᠦᠬᠦ ᠤᠯᠤᠰ ᠤᠨ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠲᠡᠷᠢᠭᠦᠨ ᠤ ᠦᠢᠯᠡ | ᠠᠵᠢᠯᠯᠠᠭ᠎ᠠ ᠶᠢ ᠲᠣᠭᠤᠷᠢᠨ ᠮᠡᠳᠡᠭᠦᠯᠦᠯᠲᠡ ᠬᠢᠬᠦ ᠬᠤᠷᠠᠯ ᠬᠥᠬᠡᠬᠤᠲᠠ ᠳᠤ ᠶᠠᠪᠤᠭᠳᠠᠪᠠ᠃ ᠥᠪᠡᠷᠲᠡᠭᠡᠨ ᠵᠠᠰᠠᠬᠤ | ᠣᠷᠣᠨ ᠤ ᠨᠠᠮ ᠤᠨ ᠬᠤᠷᠢᠶ᠎ᠠ ᠶᠢᠨ ᠱᠦᠵᠢ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ | ᠬᠤᠷᠢᠶ᠎ᠠ ᠶᠢᠨ ᠡᠷᠬᠢᠯᠡᠭᠴᠢ ᠱᠢ ᠲᠠᠢ ᠹᠧᠩ ᠮᠡᠳᠡᠭᠦᠯᠦᠯᠲᠡ ᠶᠢᠨ ᠬᠤᠷᠠᠯ ᠢ ᠡᠷᠬᠢᠯᠡᠭᠰᠡᠨ ᠪᠥᠭᠡᠳ ᠶᠠᠷᠢᠶ᠎ᠠ ᠲᠠᠯᠪᠢᠪᠠ᠃ | | ᠮᠡᠳᠡᠭᠦᠯᠦᠯᠲᠡ ᠶᠢᠨ ᠬᠤᠷᠠᠯ ᠠᠴᠠ ᠡᠮᠦᠨ᠎ᠡ᠂ ᠥᠪᠡᠷᠲᠡᠭᠡᠨ ᠵᠠᠰᠠᠬᠤ ᠣᠷᠣᠨ ᠤ ᠤᠳᠤᠷᠢᠳᠤᠯᠭ᠎ᠠ ᠱᠢ ᠲᠠᠢ | ᠹᠧᠩ᠂ ᠯᠢᠨ ᠱᠤᠤ ᠴᠦᠨ᠂ ᠵᠠᠩ ᠱᠤᠤ ᠴᠦᠨ ᠮᠡᠳᠡᠭᠦᠯᠦᠯᠲᠡ ᠶᠢᠨ ᠪᠦᠯᠬᠦᠮ ᠤᠨ ᠭᠡᠰᠢᠭᠦᠳ ᠲᠠᠢ ᠠᠭᠤᠯᠵᠠᠪᠠ᠃ | ᠮᠡᠳᠡᠭᠦᠯᠦᠯᠲᠡ ᠶᠢᠨ ᠬᠤᠷᠠᠯ ᠳᠡᠭᠡᠷ᠎ᠡ᠂ ᠮᠡᠳᠡᠭᠦᠯᠦᠯᠲᠡ ᠶᠢᠨ ᠪᠦᠯᠬᠦᠮ ᠤᠨ ᠪᠦᠯᠬᠦᠮ ᠤᠨ ᠳᠠᠷᠤᠭ᠎ᠠ᠂ | ᠲᠥᠷᠥ ᠶᠢᠨ ᠶᠠᠪᠤᠳᠠᠯ ᠤᠨ ᠬᠤᠷᠢᠶ᠎ᠠ ᠶᠢᠨ ᠶᠠᠳᠠᠭᠤ ᠶᠢ ᠲᠡᠳᠬᠦᠵᠦ ᠨᠡᠭᠡᠭᠡᠨ ᠬᠥᠭᠵᠢᠭᠦᠯᠬᠦ ᠤᠳᠤᠷᠢᠳᠬᠤ | ᠳᠤᠭᠤᠶᠢᠯᠠᠩ ᠤᠨ ᠭᠡᠰᠢᠭᠦᠨ᠂ ᠲᠥᠪ ᠤᠨ ᠨᠢᠭᠡᠳᠦᠮᠡᠯ ᠹᠷᠣᠨᠲ ᠤᠨ ᠠᠵᠢᠯ ᠤᠨ ᠬᠡᠯᠲᠡᠰ ᠤᠨ ᠳᠡᠳ᠋ ᠳᠠᠷᠤᠭ᠎ᠠ ᠽᠸᠦ | ᠰᠢᠶᠥᠥ ᠳ᠋ᠦᠩ ᠠᠴᠠ ᠶᠡᠷᠦᠩᠬᠡᠢ ᠱᠦᠵᠢ ᠰᠢ ᠶᠢᠨ ᠫᠢᠩ ᠤᠨ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ | ᠰᠢᠪᠲᠤᠯᠬᠤ ᠠᠵᠢᠯ ᠤᠨ ᠲᠤᠬᠠᠢ ᠴᠢᠬᠤᠯᠠ ᠵᠢᠭᠠᠪᠤᠷᠢ ᠪᠠ ᠶᠡᠷᠦᠩᠬᠡᠢ ᠰᠠᠶᠢᠳ ᠯᠢ ᠺᠧ ᠴᠢᠶᠠᠩ ᠤᠨ ᠴᠣᠬᠤᠯᠠᠪᠤᠷᠢ ᠶᠢ | ᠤᠯᠠᠮᠵᠢᠯᠠᠪᠠ᠃ ᠲᠡᠷᠡ ᠴᠢᠬᠤᠯᠠᠴᠢᠯᠠᠬᠤ ᠳᠠᠭᠠᠨ᠂ ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠ ᠵᠢᠭᠠᠪᠤᠷᠢ ᠶᠢᠨ | ᠵᠣᠷᠢᠭ ᠰᠠᠨᠠᠭ᠎ᠠ ᠶᠢ ᠨᠠᠷᠢᠨ ᠬᠢᠨᠠᠮᠠᠭᠠᠢ ᠰᠤᠷᠤᠯᠴᠠᠨ ᠲᠤᠭᠤᠰᠢᠯᠠᠭᠤᠯᠵᠤ᠂ ᠨᠡᠶᠢᠲᠡᠯᠢᠭ ᠵᠢᠱᠢᠶ᠎ᠡ ᠶᠢᠨ ᠵᠢᠯᠣᠭᠤᠳᠬᠤ | ᠦᠢᠯᠡᠳᠦᠯ ᠢ ᠭᠦᠢᠴᠡᠳ ᠪᠠᠳᠠᠷᠠᠭᠤᠯᠤᠨ᠂ ᠶᠠᠳᠠᠭᠤ ᠶᠢ ᠲᠡᠳᠬᠦᠬᠦ ᠠᠵᠢᠯᠲᠠᠳ ᠢ ᠬᠠᠶᠢᠷᠠᠯᠠᠨ ᠬᠠᠯᠠᠮᠵᠢᠯᠠᠵᠤ᠂ | ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠵᠥᠪ ᠡᠨᠧᠷᠭᠢ ᠶᠢ ᠬᠥᠭᠵᠢᠭᠡᠨ᠂ ᠰᠡᠭᠦᠯ ᠬᠤᠷᠢᠶᠠᠬᠤ | ᠡᠭᠦᠷᠭᠡ ᠶᠢ ᠲᠤᠭᠤᠰᠢᠲᠠᠢ ᠪᠡᠶᠡᠯᠡᠭᠦᠯᠬᠦ ᠬᠡᠷᠡᠭᠲᠡᠢ ᠭᠡᠪᠡ᠃ | ᠮᠡᠳᠡᠭᠦᠯᠦᠯᠲᠡ ᠶᠢᠨ ᠪᠦᠯᠬᠦᠮ ᠤᠨ ᠭᠡᠰᠢᠭᠦᠨ ᠯᠢᠶᠣᠤᠨᠢᠩ ᠮᠤᠵᠢ ᠶᠢᠨ ᠴᠣᠣᠶᠠᠩ ᠬᠤᠲᠠ ᠶᠢᠨ ᠵᠢᠶᠠᠨᠫᠢᠩ | ᠰᠢᠶᠠᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ᠂ ᠵᠢᠶᠠᠨᠫᠢᠩ ᠪᠠᠯᠭᠠᠰᠤ ᠶᠢᠨ ᠨᠠᠮ ᠤᠨ ᠬᠤᠷᠢᠶ᠎ᠠ ᠶᠢᠨ | ᠱᠦᠵᠢ ᠰᠦᠨ ᠢᠦᠢ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠠᠭᠠᠨᠬᠠᠳᠠ ᠬᠤᠲᠠ ᠶᠢᠨ | ᠪᠠᠭᠠᠷᠢᠨ ᠵᠡᠭᠦᠨ ᠬᠤᠰᠢᠭᠤᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ᠂ ᠤᠬᠠᠭᠤᠯᠬᠤ ᠬᠡᠯᠲᠡᠰ ᠤᠨ | ᠳᠠᠷᠤᠭ᠎ᠠ ᠮᠠ ᠱᠤ᠋ ᠶᠸᠦ᠂ ᠭᠢᠷᠢᠨ ᠮᠤᠵᠢ ᠶᠢᠨ ᠲᠣᠰᠬᠤᠨ ᠳᠤ ᠰᠠᠭᠤᠭ᠎ᠠ ᠨᠢᠭᠡᠳᠦᠭᠡᠷ ᠱᠦᠵᠢ ᠶᠢᠨ ᠨᠡᠶᠢᠭᠡᠮᠯᠢᠭ ᠤᠨ | ᠳᠠᠷᠤᠭ᠎ᠠ ᠭᠤᠤ ᠱᠢ ᠯᠦᠩ᠂ ᠬᠠᠷᠠᠮᠥ᠋ᠷᠡᠨ ᠮᠤᠵᠢ ᠶᠢᠨ ᠵᠠᠮᠰᠤ ᠬᠤᠲᠠ ᠶᠢᠨ ᠠᠷᠠᠳ ᠤᠨ ᠲᠥᠯᠥᠭᠡᠯᠡᠭᠴᠢᠳ ᠤᠨ | ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠳᠡᠳ᠋ ᠡᠷᠬᠢᠯᠡᠭᠴᠢ᠂ ᠬᠤᠸᠠᠴᠦᠸᠠᠨ ᠰᠢᠶᠠᠨ ᠤ ᠨᠠᠮ ᠤᠨ | ᠬᠤᠷᠢᠶ᠎ᠠ ᠶᠢᠨ ᠱᠦᠵᠢ ᠭᠥᠸᠧ ᠭᠤᠸᠠᠩ ᠹᠦ᠋᠂ ᠭᠦᠢᠵᠧᠦ ᠮᠤᠵᠢ ᠶᠢᠨ ᠡᠮᠡᠭᠲᠡᠶᠢᠴᠦᠳ ᠤᠨ ᠬᠤᠯᠪᠣᠭ᠎ᠠ ᠶᠢᠨ ᠳᠡᠳ᠋ | ᠲᠡᠷᠢᠭᠦᠯᠡᠭᠴᠢ ︵ᠬᠠᠪᠰᠤᠷᠭᠠᠭᠰᠠᠨ︶᠂ ᠮᠠ ᠬᠤᠸᠠᠢ ᠯᠢᠶᠠᠨ ᠲᠣᠰᠬᠤᠨ ᠤ ᠨᠠᠮ ᠤᠨ ᠬᠤᠷᠢᠶ᠎ᠠ ᠶᠢᠨ ᠱᠦᠵᠢ᠂ ᠮᠠ | ᠬᠤᠸᠠᠢ ᠲᠣᠰᠬᠤᠨ ᠤ ᠨᠠᠮ ᠤᠨ ᠡᠭᠦᠷ ᠤᠨ ᠱᠦᠵᠢ ᠳ᠋ᠧᠩ ᠶᠢᠨ ᠰᠢᠶᠠᠩ᠂ ᠶᠠᠳᠠᠭᠤ ᠶᠢ ᠣᠨᠣᠪᠴᠢᠲᠠᠢ ᠲᠡᠳᠬᠦᠬᠦ ᠶᠢ | ᠠᠩᠬ᠎ᠠ ᠰᠠᠨᠠᠭᠠᠴᠢᠯᠠᠭᠰᠠᠨ ᠭᠠᠵᠠᠷ — ᠱᠢ ᠪᠠ ᠳ᠋ᠦᠩ ᠲᠣᠰᠬᠤᠨ ᠤ ᠠᠩᠬᠠᠳᠠᠭᠴᠢ ᠶᠠᠳᠠᠭᠤ ᠶᠢ ᠲᠡᠳᠬᠦᠬᠦ | ᠳᠤᠭᠤᠶᠢᠯᠠᠩ ᠤᠨ ᠳᠠᠷᠤᠭ᠎ᠠ᠂ ᠬᠤᠨᠠᠨ ᠮᠤᠵᠢ ᠶᠢᠨ ᠰᠢᠶᠠᠩᠰᠢ ᠤᠯᠤᠰ ᠤᠨ ᠲᠠᠷᠢᠶᠠᠯᠠᠩ ᠠᠵᠤ ᠠᠬᠤᠢ ᠶᠢᠨ | ᠰᠢᠨᠵᠢᠯᠡᠬᠦ ᠤᠬᠠᠭᠠᠨ ᠮᠡᠷᠭᠡᠵᠢᠯ ᠤᠨ ᠬᠦᠷᠢᠶᠡᠯᠡᠩ ᠲᠣᠭᠤᠷᠢᠭ ᠤᠨ ᠬᠠᠮᠢᠶᠠᠷᠤᠯᠲᠠ ᠶᠢᠨ ᠵᠥᠪᠯᠡᠯ ᠤᠨ ᠡᠷᠬᠢᠯᠡᠭᠴᠢ | ᠯᠦᠩ ᠰᠢᠦ ᠯᠢᠨ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠢᠩᠭᠠᠨ ᠠᠶᠢᠮᠠᠭ ᠤᠨ ᠲᠦᠴᠢᠦᠸᠠᠨ | ᠰᠢᠶᠠᠨ ᠤ ᠨᠠᠮ ᠤᠨ ᠬᠤᠷᠢᠶ᠎ᠠ ᠶᠢᠨ ᠱᠦᠵᠢ ᠴᠢᠦᠢ ᠵᠧᠨ ᠨᠢᠶᠠᠨ ᠵᠡᠷᠭᠡ 7 ᠨᠡᠶᠢᠲᠡᠯᠢᠭ ᠵᠢᠱᠢᠶ᠎ᠡ ᠶᠢᠨ ᠲᠥᠯᠥᠭᠡᠯᠡᠭᠴᠢ | ᠪᠣᠷᠣᠭᠵᠢᠭᠤᠨ ᠠᠮᠢᠳᠤᠯᠢᠭ ᠦᠭᠡ ᠶᠠᠷᠢᠶ᠎ᠠ ᠪᠠᠷ᠂ ᠠᠳᠠᠯᠢ ᠪᠤᠰᠤ ᠬᠦᠷᠢᠶ᠎ᠡ ᠴᠠᠷᠠᠭ᠎ᠠ᠂ ᠠᠳᠠᠯᠢ ᠪᠤᠰᠤ | ᠬᠠᠷᠠᠭᠠᠰᠤ ᠠᠴᠠ ᠥᠪᠡᠷ ᠥᠪᠡᠷ ᠤᠨ ᠢᠶᠠᠨ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠨᠢᠭᠡᠳᠦᠭᠡᠷ | ᠹᠷᠣᠨᠲ ᠳᠡᠭᠡᠷᠡᠬᠢ ᠥᠩᠭᠡᠷᠡᠯᠲᠡ᠂ ᠰᠡᠳᠬᠢᠯ ᠬᠥᠳᠡᠯᠭᠡᠮ᠎ᠡ ᠦᠢᠯᠡ ᠠᠵᠢᠯᠯᠠᠭ᠎ᠠ ᠪᠠ ᠦᠢᠯᠡᠳᠦᠯᠭᠡ ᠶᠢᠨ | ᠲᠤᠷᠰᠢᠯᠭ᠎ᠠ ᠪᠠᠨ ᠬᠡᠭᠦᠳᠡᠭ ᠲᠦᠭᠦᠷᠡᠩ ᠭᠦᠨ ᠰᠡᠳᠬᠢᠯᠭᠡ ᠲᠠᠢ ᠶᠠᠷᠢᠵᠤ᠂ ᠬᠥᠮᠥᠰ ᠲᠤ ᠶᠠᠭᠤ ᠨᠢᠭᠡ ᠶᠢ | ᠪᠣᠳᠣᠭᠳᠠᠭᠤᠯᠤᠨ ᠵᠣᠷᠢᠭᠵᠢᠭᠤᠯᠤᠯ ᠪᠣᠯᠵᠤ᠂ ᠠᠬᠤᠢ ᠲᠠᠯᠠᠪᠠᠢ ᠶᠢᠨ ᠦᠵᠡᠭᠴᠢᠳ ᠪᠠᠶᠢᠨ ᠪᠠᠶᠢᠨ ᠬᠠᠯᠠᠭᠤᠨ ᠠᠯᠠᠭ᠎ᠠ | ᠪᠠᠨ ᠲᠠᠰᠢᠵᠠᠭᠠᠵᠤ ᠪᠠᠶᠢᠯ᠎ᠠ᠃ | ᠱᠢ ᠲᠠᠢ ᠹᠧᠩ ᠵᠢᠭᠠᠬᠤ ᠳᠠᠭᠠᠨ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ | ᠳᠠᠶᠢᠯᠠᠯᠳᠤᠭᠠᠨ ᠳᠤ ᠴᠣᠯᠭᠤᠷᠠᠭᠰᠠᠨ ᠲᠡᠷᠢᠭᠦᠨ ᠤ ᠨᠡᠶᠢᠲᠡᠯᠢᠭ ᠵᠢᠱᠢᠶ᠎ᠡ ᠶᠢᠨ ᠲᠥᠯᠥᠭᠡᠯᠡᠭᠴᠢᠳ ᠥᠪᠡᠷ ᠤᠨ ᠪᠣᠳᠠᠲᠤ | ᠦᠢᠯᠡ ᠠᠵᠢᠯᠯᠠᠭ᠎ᠠ ᠪᠠᠷ ᠢᠶᠠᠨ ᠳᠤᠮᠳᠠᠳᠤ ᠶᠢᠨ ᠦᠨᠳᠦᠰᠦᠲᠡᠨ ᠤ ᠰᠢᠯᠢᠳᠡᠭ ᠤᠯᠠᠮᠵᠢᠯᠠᠯᠲᠤ ᠰᠠᠶᠢᠬᠠᠨ ᠵᠠᠩ | ᠰᠤᠷᠲᠠᠯ ᠢ ᠤᠯᠠᠮᠵᠢᠯᠠᠨ ᠪᠠᠳᠠᠷᠠᠭᠤᠯᠵᠤ᠂ ᠨᠡᠶᠢᠭᠡᠮ ᠵᠢᠷᠤᠮ ᠤᠨ ᠭᠤᠣᠯᠯᠠᠭᠴᠢ ᠥᠷᠲᠡᠭ ᠤᠨ ᠦᠵᠡᠯᠲᠡ ᠶᠢ | ᠲᠠᠶᠢᠯᠪᠤᠷᠢᠯᠠᠵᠤ᠂ ᠨᠡᠷ᠎ᠡ ᠨᠢᠳᠡᠷ ᠲᠡᠭᠡᠨ ᠲᠣᠬᠢᠷᠠᠭᠰᠠᠨ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ | ᠨᠡᠶᠢᠲᠡᠯᠢᠭ ᠵᠢᠱᠢᠶ᠎ᠡ ᠪᠠ ᠳᠠᠭᠤᠷᠢᠶᠠᠯ ᠮᠥᠨ᠃ ᠪᠦᠬᠦ ᠣᠷᠣᠨ ᠤ ᠳᠡᠭᠡᠷ᠎ᠡ ᠳᠣᠣᠷ᠎ᠠ ᠱᠠᠲᠤ ᠪᠦᠬᠦᠨ ᠢᠶᠠᠷ ᠢᠶᠠᠨ | ᠨᠡᠶᠢᠲᠡᠯᠢᠭ ᠵᠢᠱᠢᠶ᠎ᠡ ᠶᠢᠨ ᠲᠥᠯᠥᠭᠡᠯᠡᠭᠴᠢᠳ ᠢᠶᠠᠷ ᠳᠠᠭᠤᠷᠢᠶᠠᠯ ᠪᠣᠯᠭᠠᠵᠤ᠂ ᠲᠡᠳᠡᠨ ᠤ ᠨᠠᠮ ᠳᠠᠭᠠᠨ ᠦᠨᠡᠨᠴᠢ ᠤᠯᠤᠰ | ᠲᠥᠷᠥ ᠶᠢᠨ ᠬᠡᠪ ᠪᠣᠯᠪᠠᠰᠤᠷᠠᠯ᠂ ᠠᠷᠠᠳ ᠲᠦᠮᠡᠨ ᠳᠤ ᠠᠯᠢᠪᠠ ᠪᠠᠨ ᠵᠣᠷᠢᠭᠤᠯᠬᠤ ᠬᠠᠷᠠᠮ ᠦᠭᠡᠢ ᠬᠠᠶᠢᠷ᠎ᠠ | ᠰᠡᠳᠬᠢᠯᠭᠡ᠂ ᠵᠣᠷᠢᠭᠲᠠᠢ ᠬᠠᠷᠢᠭᠤᠴᠠᠬᠤ ᠰᠢᠯᠢᠳᠡᠭ ᠰᠤᠷᠲᠠᠯ ᠢ ᠨᠠᠷᠢᠨ ᠬᠢᠨᠠᠮᠠᠭᠠᠢ ᠰᠤᠷᠤᠯᠴᠠᠨ᠂ ᠶᠠᠳᠠᠭᠤ ᠠᠴᠠ | ᠠᠩᠭᠢᠵᠢᠷᠠᠭᠤᠯᠬᠤ ᠠᠭᠤᠤ ᠶᠡᠭᠡ ᠵᠣᠷᠢᠭ ᠰᠠᠨᠠᠭ᠎ᠠ ᠶᠢ ᠶᠡᠬᠡᠪᠡᠷ ᠤᠯᠠᠮᠵᠢᠯᠠᠨ ᠪᠠᠳᠠᠷᠠᠭᠤᠯᠵᠤ᠂ ᠬᠦᠨᠳᠦ ᠶᠢ ᠮᠡᠳᠡᠷᠡᠨ | ᠬᠦᠨᠳᠦ ᠶᠢ ᠡᠭᠦᠷᠭᠡᠯᠡᠵᠦ᠂ ᠢᠮᠠᠭᠲᠠ ᠪᠣᠯᠭᠤᠮᠵᠢᠳᠠᠢ ᠪᠠᠶᠢᠵᠤ᠂ ᠰᠢᠪᠲᠤᠯᠤᠯᠲᠠ ᠬᠢᠬᠦ ᠪᠠᠶᠢᠷᠢ ᠪᠠᠨ ᠨᠠᠷᠢᠯᠢᠭᠵᠢᠭᠤᠯᠵᠤ | ᠂ ᠬᠤᠸᠠᠷ ᠬᠠᠳᠬᠤᠬᠤ ᠡᠷᠳᠡᠮ ᠭᠠᠷᠭᠠᠨ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ | ᠳᠠᠶᠢᠯᠠᠯᠳᠤᠭᠠᠨ ᠤ ᠢᠯᠠᠯᠲᠠ ᠶᠢ ᠵᠠᠪᠠᠯ ᠣᠯᠬᠤ ᠬᠡᠷᠡᠭᠲᠡᠢ᠃ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ | ᠰᠢᠪᠲᠤᠯᠬᠤ ᠠᠵᠢᠯ ᠣᠳᠣ ᠬᠠᠮᠤᠭ ᠰᠡᠭᠦᠯᠴᠢ ᠶᠢᠨ ᠱᠠᠲᠤᠨ ᠳᠠᠭᠠᠨ ᠣᠷᠣᠵᠤ᠂ ᠪᠦᠬᠦ ᠣᠷᠣᠨ ᠤ ᠡᠯ᠎ᠡ ᠱᠠᠲᠤ ᠡᠯ᠎ᠡ | ᠰᠠᠯᠠᠭ᠎ᠠ ᠮᠥᠴᠢᠷ ᠤᠳ ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ | ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ ᠦᠯᠡᠳᠡᠵᠦ ᠪᠠᠶᠢᠭ᠎ᠠ ᠶᠠᠳᠠᠭᠤ ᠠᠴᠠ ᠠᠩᠭᠢᠵᠢᠷᠠᠭᠤᠯᠬᠤ ᠡᠭᠦᠷᠭᠡ ᠳᠤ | ᠠᠩᠬᠠᠷᠤᠯ ᠢᠶᠠᠨ ᠬᠠᠨᠳᠤᠭᠤᠯᠵᠤ᠂ ᠰᠢᠪᠲᠤᠯᠤᠯᠲᠠ ᠶᠢᠨ ᠪᠠᠶᠢᠳᠠᠯ ᠢᠶᠠᠨ ᠪᠠᠳᠤᠯᠠᠨ ᠰᠢᠪᠲᠤᠯᠤᠯᠲᠠ ᠬᠢᠵᠦ᠂ ᠰᠠᠶᠢᠬᠠᠨ | ᠡᠬᠢᠯᠡᠭᠦᠯᠦᠨ ᠰᠠᠶᠢᠬᠠᠨ ᠲᠡᠭᠦᠰᠬᠡᠵᠦ᠂ ᠰᠠᠶᠢᠬᠠᠨ ᠬᠢᠵᠦ ᠰᠠᠶᠢᠬᠠᠨ ᠪᠡᠶᠡᠯᠡᠭᠦᠯᠵᠦ᠂ ᠪᠦᠬᠦ ᠲᠠᠯ᠎ᠠ ᠪᠠᠷ ᠢᠯᠠᠯᠲᠠ | ᠣᠯᠬᠤ ᠠᠴᠠ ᠨᠠᠭᠠᠰᠢ ᠴᠡᠷᠢᠭ ᠢᠶᠠᠨ ᠲᠠᠲᠠᠵᠤ ᠪᠣᠯᠬᠤ ᠦᠭᠡᠢ᠃ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ | ᠰᠢᠪᠲᠤᠯᠬᠤ ᠲᠥᠷᠥ ᠶᠢᠨ ᠪᠣᠳᠣᠯᠭ᠎ᠠ ᠶᠢ ᠶᠡᠷᠦᠩᠬᠡᠢ ᠳᠤᠨᠢ ᠲᠣᠭᠲᠠᠭᠤᠨ ᠪᠠᠶᠢᠯᠭᠠᠵᠤ᠂ ᠪᠣᠭᠤᠮᠲᠠ ᠰᠢᠪᠲᠤᠯᠬᠤ ᠦᠷ᠎ᠡ | ᠪᠦᠲᠦᠮᠵᠢ ᠶᠢ ᠦᠷᠭᠦᠯᠵᠢᠯᠡᠨ ᠲᠦᠯᠬᠢᠨ ᠠᠬᠢᠭᠤᠯᠵᠤ ᠪᠠᠲᠤᠳᠬᠠᠨ ᠥᠷᠭᠡᠳᠬᠡᠬᠦ ᠶᠢ ᠬᠥᠳᠡᠭᠡ ᠲᠣᠰᠬᠤᠨ ᠢ | ᠬᠥᠭᠵᠢᠭᠦᠯᠦᠨ ᠮᠠᠨᠳᠤᠭᠤᠯᠬᠤ ᠲᠠᠢ ᠪᠦᠲᠦᠮᠵᠢᠲᠡᠢ ᠵᠣᠯᠭᠠᠭᠤᠯᠵᠤ᠂ ᠪᠦᠬᠦ ᠠᠷᠠᠳ ᠲᠦᠮᠡᠨ ᠤ ᠬᠠᠮᠲᠤ ᠪᠠᠷ ᠪᠠᠶᠠᠵᠢᠨ | ᠴᠢᠨᠡᠭᠡᠯᠢᠭᠵᠢᠬᠦ ᠬᠠᠷᠠᠯᠲᠠ ᠶᠢ ᠢᠳᠡᠭ ᠢᠳᠡᠭ ᠢᠶᠠᠷ ᠪᠡᠶᠡᠯᠡᠭᠦᠯᠬᠦ ᠵᠦᠭ ᠲᠤ ᠦᠷᠭᠦᠯᠵᠢᠯᠡᠨ ᠤᠷᠤᠭᠰᠢᠯᠠᠬᠤ ᠬᠡᠷᠡᠭᠲᠡᠢ | ᠭᠡᠪᠡ᠃ | ᠬᠤᠲᠠ ᠶᠢᠨ ᠤᠳᠤᠷᠢᠳᠤᠯᠭ᠎ᠠ ᠸᠠᠩ ᠯᠢ ᠰᠢᠶᠠ᠂ ᠵᠠᠩ ᠪᠠᠢ ᠴᠧᠩ᠂ ᠾᠧ ᠬᠠᠢ ᠳ᠋ᠦᠩ ᠵᠢᠴᠢ ᠬᠤᠲᠠ ᠶᠢᠨ | ᠳᠥᠷᠪᠡᠨ ᠶᠡᠭᠡ ᠪᠠᠭ ᠶᠢᠨ ᠬᠡᠰᠡᠭ ᠤᠳᠤᠷᠢᠳᠤᠯᠭ᠎ᠠ ᠬᠥᠬᠡᠬᠤᠲᠠ ᠶᠢᠨ ᠬᠤᠪᠢᠶᠠᠷᠢ ᠬᠤᠷᠠᠯ ᠤᠨ ᠲᠠᠯᠠᠪᠠᠢ ᠳᠤ | ᠮᠡᠳᠡᠭᠦᠯᠦᠯᠲᠡ ᠶᠢᠨ ᠬᠤᠷᠠᠯ ᠳᠤ ᠣᠷᠣᠯᠴᠠᠪᠠ᠃ | ᠮᠡᠳᠡᠭᠦᠯᠦᠯᠲᠡ ᠶᠢᠨ ᠬᠤᠷᠠᠯ ᠢ ᠸᠢᠳᠢᠤ᠋ ᠮᠠᠶ᠋ᠢᠭ ᠢᠶᠠᠷ ᠬᠤᠷᠠᠯᠳᠤᠭᠤᠯᠪᠠ᠃ ᠥᠪᠡᠷᠲᠡᠭᠡᠨ ᠵᠠᠰᠠᠬᠤ ᠣᠷᠣᠨ ᠤ | ᠨᠠᠮ ᠤᠨ ᠬᠤᠷᠢᠶ᠎ᠠ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ᠂ ᠵᠠᠰᠠᠭ ᠤᠨ | ᠣᠷᠳᠣᠨ᠂ ᠤᠯᠤᠰ ᠲᠥᠷᠥ ᠶᠢᠨ ᠵᠥᠪᠯᠡᠯᠭᠡᠨ ᠤ ᠬᠠᠮᠢᠶ᠎ᠠ ᠪᠦᠬᠦᠢ ᠤᠳᠤᠷᠢᠳᠬᠤ ᠨᠥᠬᠦᠳ ᠪᠠ ᠠᠷᠠᠳ ᠤᠨ | ᠪᠠᠶᠢᠴᠠᠭᠠᠬᠤ ᠬᠤᠷᠢᠶ᠎ᠠ ᠶᠢᠨ ᠪᠠᠶᠢᠴᠠᠭᠠᠭᠴᠢ ᠳᠠᠷᠤᠭ᠎ᠠ︔ ᠲᠥᠪ ᠤᠨ ᠨᠢᠭᠡᠳᠦᠮᠡᠯ ᠹᠷᠣᠨᠲ ᠤᠨ ᠠᠵᠢᠯ ᠤᠨ ᠬᠡᠯᠲᠡᠰ᠂ | ᠲᠥᠷᠥ ᠶᠢᠨ ᠶᠠᠪᠤᠳᠠᠯ ᠤᠨ ᠬᠤᠷᠢᠶ᠎ᠠ ᠶᠢᠨ ᠶᠠᠳᠠᠭᠤ ᠶᠢ ᠲᠡᠳᠬᠦᠵᠦ ᠨᠡᠭᠡᠭᠡᠨ ᠬᠥᠭᠵᠢᠭᠦᠯᠬᠦ ᠠᠯᠪᠠᠨ ᠭᠡᠷ ᠤᠨ ᠬᠠᠮᠢᠶ᠎ᠠ | ᠪᠦᠬᠦᠢ ᠨᠥᠬᠦᠳ︔ ᠥᠪᠡᠷᠲᠡᠭᠡᠨ ᠵᠠᠰᠠᠬᠤ ᠣᠷᠣᠨ ᠤ ᠰᠢᠭᠤᠳ ᠬᠠᠷᠢᠶ᠎ᠠ ᠡᠯ᠎ᠡ ᠰᠠᠯᠠᠭ᠎ᠠ ᠮᠥᠴᠢᠷ᠂ | ᠬᠥᠬᠡᠬᠤᠲᠠ ᠳᠤ ᠰᠠᠭᠤᠭ᠎ᠠ ᠡᠯ᠎ᠡ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ᠂ ᠲᠥᠪ ᠤᠨ ᠥᠪᠡᠷᠲᠡᠭᠡᠨ | ᠵᠠᠰᠠᠬᠤ ᠣᠷᠣᠨ ᠳᠤ ᠰᠠᠭᠤᠭ᠎ᠠ ᠬᠠᠮᠢᠶ᠎ᠠ ᠪᠦᠬᠦᠢ ᠨᠢᠭᠡᠴᠡ ᠶᠢᠨ ᠭᠤᠣᠯ ᠬᠠᠷᠢᠭᠤᠴᠠᠬᠤ ᠨᠥᠬᠦᠳ︔ ᠥᠪᠡᠷᠲᠡᠭᠡᠨ | ᠵᠠᠰᠠᠬᠤ ᠣᠷᠣᠨ ᠤ ᠶᠠᠳᠠᠭᠤ ᠶᠢ ᠲᠡᠳᠬᠦᠵᠦ ᠨᠡᠭᠡᠭᠡᠨ ᠬᠥᠭᠵᠢᠭᠦᠯᠬᠦ ᠤᠳᠤᠷᠢᠳᠬᠤ ᠳᠤᠭᠤᠶᠢᠯᠠᠩ ᠤᠨ ᠡᠯ᠎ᠡ ᠭᠡᠰᠢᠭᠦᠨ | ᠨᠢᠭᠡᠴᠡ ᠶᠢᠨ ᠲᠤᠰᠬᠠᠢ ᠠᠵᠢᠯ ᠤᠨ ᠭᠠᠵᠠᠷ ᠰᠠᠯᠠᠭ᠎ᠠ ᠶᠢᠨ ᠬᠠᠷᠢᠭᠤᠴᠠᠬᠤ ᠨᠥᠬᠦᠳ ᠵᠢᠴᠢ ᠶᠠᠳᠠᠭᠤ ᠶᠢ ᠲᠡᠳᠬᠦᠵᠦ | ᠨᠡᠭᠡᠭᠡᠨ ᠬᠥᠭᠵᠢᠭᠦᠯᠬᠦ ᠠᠯᠪᠠᠨ ᠭᠡᠷ ᠤᠨ ᠪᠦᠬᠦ ᠺᠠᠳ᠋ᠷᠴᠤᠳ ᠭᠤᠣᠯ ᠬᠤᠷᠠᠯ ᠤᠨ ᠲᠠᠯᠠᠪᠠᠢ ᠳᠤ ᠮᠡᠳᠡᠭᠦᠯᠦᠯᠲᠡ | ᠰᠣᠨᠣᠰᠪᠠ᠃ |