ᠲᠠᠪᠤᠳᠤᠭᠠᠷ ᠬᠤᠭᠤᠴᠠᠭᠠᠨ ᠤ  ᠪᠦᠬᠦ ᠤᠯᠤᠰ ᠤᠨ ᠭᠠᠵᠠᠷ ᠰᠢᠨᠵᠢᠯᠡᠭᠡᠨ ᠤ ᠡᠷᠲᠡᠨ ᠤ ᠠᠮᠢᠲᠤ ᠪᠤᠳᠠᠰ ᠤᠨ ᠰᠢᠨᠵᠢᠯᠡᠬᠦ ᠤᠬᠠᠭᠠᠨ ᠤ  ᠲᠦᠭᠡᠮᠡᠯᠵᠢᠬᠦᠯᠦᠯᠲᠡ ᠶᠢᠨ ᠰᠤᠳᠤᠯᠤᠨ ᠶᠠᠷᠢᠯᠴᠠᠬᠤ ᠬᠤᠷᠠᠯ ᠪᠤᠯᠪᠠ
ᠨᠡᠶᠢᠲᠡᠯᠡᠭᠰᠡᠨ ᠴᠠᠭ᠄
2020/10/22
     ᠰᠢᠨᠬᠤᠸᠠ ᠰᠦᠯᠵᠢᠶ᠎ᠡ ᠶᠢᠨ ᠬᠦᠬᠡᠬᠤᠲᠠ ᠶᠢᠨ 10 ᠰᠠᠷ᠎ᠠ ᠶᠢᠨ 21 ᠤ ᠡᠲᠦᠷ ᠤᠨ ᠮᠡᠲᠡᠭᠡ  ︵ ᠰᠢᠤᠢ ᠬᠤᠩ ᠮᠸᠢ︶  ᠪᠠᠶᠢᠭᠠᠠᠯᠢ ᠶᠢᠨ ᠲᠦᠷᠦᠯ  ᠤᠨ ᠮᠦᠽᠸᠢ ᠬᠢᠭᠡᠳ ᠰᠢᠨᠵᠢᠯᠡᠬᠦ ᠤᠬᠠᠭᠠᠨ ᠤ ᠲᠦᠭᠡᠮᠡᠯᠵᠢᠬᠦᠯᠦᠯᠲᠡ ᠶᠢᠨ ᠤᠷᠠᠨ ᠪᠦᠲᠦᠭᠡᠯ᠂ ᠰᠢᠨᠵᠢᠯᠡᠬᠦ ᠤᠬᠠᠭᠠᠨ ᠤ ᠲᠦᠭᠡᠮᠡᠯᠵᠢᠬᠦᠯᠦᠯᠲᠡ ᠶᠢᠨ ᠬᠡᠪᠯᠡᠯ᠂ ᠰᠢᠨᠵᠢᠯᠡᠬᠦ ᠤᠬᠠᠭᠠᠨ ᠤ ᠲᠦᠭᠡᠮᠡᠯᠵᠢᠬᠦᠯᠦᠯᠲᠡ ᠶᠢᠨ ᠲᠠᠮᠵᠢᠭᠤᠯᠭ᠎ᠠ ᠵᠡᠷᠭᠡ  ᠬᠦᠷᠢᠶ᠎ᠡ ᠶᠢᠨ ᠪᠦᠯᠬᠦᠮ ᠠᠩᠬᠢ ᠪᠠ ᠨᠢᠭᠡᠴᠢ ᠨᠦᠭᠦᠳ ᠤᠨ ᠰᠤᠯᠢᠯᠴᠠᠭ᠎ᠠ ᠬᠤᠷᠰᠢᠯᠴᠠᠭᠠᠨ ᠤ ᠬᠤᠭᠤᠷᠤᠨᠳᠤᠬᠢ ᠬᠦᠭᠡᠷᠭᠡ  ᠪᠠᠶᠢᠭᠤᠯᠬᠤ ᠶᠢᠨ ᠲᠦᠯᠦᠭᠡ᠂ 10 ᠰᠠᠷ᠎ᠠ ᠶᠢᠨ 20 ᠤ ᠡᠲᠦᠷ ᠲᠠᠪᠤᠳᠤᠭᠠᠷ ᠬᠤᠭᠤᠴᠠᠭᠠᠨ ᠤ ᠪᠦᠬᠦ ᠤᠯᠤᠰ  ᠤᠨ ᠭᠠᠵᠠᠷ ᠰᠢᠨᠵᠢᠯᠡᠭᠡᠨ ᠤ ᠡᠷᠲᠡᠨ ᠤ ᠠᠮᠢᠲᠤ ᠪᠤᠳᠠᠰ ᠤᠨ ᠰᠢᠨᠵᠢᠯᠡᠬᠦ ᠤᠬᠠᠭᠠᠨ ᠤ ᠲᠦᠭᠡᠮᠡᠯᠵᠢᠬᠦᠯᠦᠯᠲᠡ ᠶᠢᠨ ᠬᠤᠷᠠᠯ ᠦᠪᠦᠷ ᠮᠤᠩᠭᠤᠯ ᠤᠨ ᠪᠠᠶᠢᠭᠠᠯᠢ  ᠶᠢᠨ  ᠮᠦᠽᠸᠢ ᠳᠤ ᠬᠤᠷᠠᠯᠳᠤᠵᠤ ᠡᠬᠢᠯᠡᠪᠡ᠂ ᠬᠤᠷᠠᠯ ᠤᠨ  ᠬᠤᠭᠤᠴᠠᠭ᠎ᠠ 4 ᠡᠲᠦᠷ᠃       ᠰᠤᠳᠤᠯᠤᠨ ᠶᠠᠷᠢᠯᠴᠠᠬᠤ ᠬᠤᠷᠠᠯ ᠲᠡᠭᠡᠷ᠎ᠡ᠂  ᠪᠦᠬᠦ ᠤᠯᠤᠰ ᠤᠨ  ᠡᠯ᠎ᠡ ᠭᠠᠵᠠᠷ ᠠᠴᠠ ᠬᠦᠷᠦᠯᠴᠡᠨ ᠢᠷᠡᠭᠰᠡᠨ ᠭᠠᠵᠠᠷ ᠰᠢᠨᠵᠢᠯᠡᠭᠡᠨ   ᠤ ᠡᠷᠲᠡᠨ ᠤ  ᠠᠮᠢᠲᠤ ᠪᠤᠳᠠᠰ ᠤᠨ  ᠰᠤᠳᠤᠯᠭᠠᠨ ᠤ  ᠲᠤᠰᠬᠠᠢ ᠮᠡᠷᠭᠡᠵᠢᠯᠲᠡᠳ᠂ ᠡᠷᠲᠡᠮᠲᠡᠳ  ︽ᠠᠮᠢᠲᠤ ᠪᠤᠲᠠᠰ ᠤᠨ ᠤᠯᠠᠷᠢᠯ ᠬᠤᠪᠢᠰᠤᠯ ᠤᠨ ᠨᠢᠭᠤᠴᠠ   ᠶᠢᠨ ᠬᠠᠶᠢᠯᠲᠠ ᠬᠢᠭᠡᠳ ᠪᠤᠲᠤᠯᠬᠢᠯᠠᠯ︾᠂  ︽ᠰᠢᠨᠵᠢᠯᠡᠬᠦ ᠤᠬᠠᠭᠠᠨ ᠤ ᠢᠯᠡᠷᠡᠬᠦᠯᠦᠯᠲᠡ ᠠᠴᠠ ᠤᠯᠠᠨ ᠡᠰᠢᠵᠢᠯᠡᠯᠲᠡ  ᠪᠦᠬᠦᠢ ᠰᠢᠨᠵᠢᠯᠡᠬᠦ ᠤᠬᠠᠭᠠᠨ ᠤ  ᠲᠦᠭᠡᠮᠡᠯᠵᠢᠬᠦᠯᠦᠯᠲᠡ  ᠶᠢᠨ ᠪᠦᠳᠣᠭᠡᠭᠳᠡᠬᠦᠨ ᠤ ᠤᠨᠳᠤᠤᠰᠢᠯ ᠬᠦᠷᠲᠡᠯ᠎ᠡ︾᠂ ︽ ᠲᠦᠭ ᠲᠦᠮᠡᠨ ᠵᠢᠯ ᠤᠨ ᠬᠤᠪᠢᠰᠤᠯ ᠤᠨ ᠲᠡᠦᠬᠡ ᠠᠴᠠ ᠬᠦᠮᠦᠨ ᠲᠦᠷᠦᠯᠬᠢᠲᠡᠨ ᠤ ᠬᠤᠪᠢ ᠵᠠᠶᠠᠭ᠎ᠠ ᠶᠢ ᠠᠵᠢᠬᠤ ᠨᠢ︾᠂  ︽ᠪᠠᠶᠢᠭᠠᠯᠢ ᠶᠢᠨ ᠮᠦᠽᠸᠢ ᠶᠢᠨ ᠲᠡᠯᠭᠡᠨ ᠦᠵᠡᠬᠦᠯᠦᠯᠭᠡ ᠶᠢ ᠤᠬᠠᠭᠠᠯᠠᠨ ᠲᠦᠰᠦᠪᠯᠡᠬᠦ ᠦᠢᠯᠡᠲᠦᠯᠭᠡ︾ ᠵᠡᠷᠭᠡ ᠭᠠᠵᠠᠷ ᠰᠢᠨᠵᠢᠯᠡᠭᠡᠨ   ᠤ  ᠡᠷᠲᠡᠨ ᠤ ᠠᠮᠢᠲᠤ ᠪᠤᠳᠠᠰ ᠤᠨ ᠲᠤᠬᠠᠢ ᠢᠯᠡᠳᠭᠡᠯ ᠬᠢᠨ᠎ᠡ︔ ᠬᠤᠷᠠᠯ ᠤᠨ ᠲᠦᠯᠦᠭᠡᠯᠡᠭᠴᠢ ᠠᠴᠠ ᠲᠤᠰ ᠲᠤᠰ ︽ᠮᠦᠽᠸᠢ ᠶᠢᠨ  ᠪᠠᠴᠢᠮ ᠪᠠᠶᠢᠲᠠᠯ ᠢ ᠠᠷᠭᠠᠴᠠᠬᠤ ᠰᠢᠨᠵᠢᠯᠡᠬᠦ ᠤᠬᠠᠭᠠᠨ ᠤ ᠲᠦᠭᠡᠮᠡᠯᠵᠢᠬᠦᠯᠦᠯᠲᠡ ᠶᠢᠨ ᠲᠤᠭᠲᠠᠴᠠ ᠬᠢᠭᠡᠳ ᠴᠢᠲᠠᠪᠤᠷᠢ ᠶᠢᠨ  ᠪᠦᠲᠦᠭᠡᠨ ᠪᠠᠶᠢᠭᠤᠯᠤᠯᠲᠠ ᠶᠢᠨ ᠪᠤᠲᠤᠯᠬᠢᠯᠠᠯ︾᠂ ︽ᠰᠢᠨᠵᠢᠯᠡᠭᠡ ᠰᠤᠲᠤᠯᠭᠠᠨ ᠤ ᠰᠢᠨ᠎ᠡ ᠡᠬᠦᠲᠦᠯᠲᠡ ᠪᠠᠷ ᠡᠷᠲᠡᠨ ᠤ  ᠠᠮᠢᠲᠤ ᠪᠤᠳᠠᠰ ᠤᠨ ᠰᠢᠨᠵᠢᠯᠡᠬᠦ ᠤᠬᠠᠭᠠᠨ ᠤ ᠲᠦᠭᠡᠮᠡᠯᠵᠢᠬᠦᠯᠦᠯᠲᠡ  ᠶᠢᠨ ᠴᠦᠮ᠎ᠡ ᠤᠨᠴᠠᠯᠢᠭ ᠢ ᠲᠤᠰᠬᠠᠬᠤ ᠨᠢ︾᠂ ︽ᠴᠢᠯᠠᠭᠤᠵᠢᠮᠠᠯ ᠤᠨ  ᠰᠤᠳᠤᠯᠭᠠᠨ ᠢᠶᠠᠷ ᠤᠷᠤᠨ ᠨᠤᠲᠤᠭ ᠤᠨ  ᠠᠵᠤ ᠠᠬᠤᠢ ᠪᠠ ᠨᠡᠶᠢᠭᠡᠨᠮ ᠤᠨ ᠬᠦᠭᠵᠢᠯᠲᠡ ᠳᠤ  ᠬᠦᠴᠦᠨ ᠬᠠᠮᠵᠢᠬᠤ ᠲᠤᠬᠠᠢ ᠪᠤᠲᠤᠯᠬᠢᠯᠠᠯ︾᠂ ︽ᠡᠷᠲᠡᠨ ᠤ ᠠᠮᠢᠲᠤ ᠪᠤᠳᠠᠰ ᠤᠨ ᠰᠢᠨᠵᠢᠯᠡᠬᠦ ᠤᠬᠠᠭᠠᠨ ᠤ ᠲᠦᠭᠡᠮᠡᠯᠵᠢᠬᠦᠯᠦᠯᠲᠡ ᠬᠢᠭᠡᠳ ᠰᠢᠨᠵᠢᠯᠡᠬᠦ ᠤᠬᠠᠭᠠᠨᠴᠢ ᠵᠤᠷᠢᠭ ᠰᠠᠨᠠᠭ᠎ᠠ︾ ᠵᠡᠷᠭᠡ ᠰᠢᠨᠵᠢᠯᠡᠬᠦ ᠤᠬᠠᠭᠠᠨ ᠤ ᠲᠦᠭᠡᠮᠡᠯᠵᠢᠬᠦᠯᠦᠯᠲᠡ ᠶᠢᠨ ᠰᠤᠷᠲᠠᠯᠴᠢᠯᠠᠭ᠎ᠠ ᠤᠬᠠᠭᠤᠯᠤᠯ ᠢ ᠲᠦᠯᠬᠢᠨ ᠠᠬᠢᠭᠤᠯᠬᠤ ᠢᠯᠡᠳᠭᠡᠯ ᠬᠢᠬᠦ ᠪᠤᠯᠤᠨ᠎ᠠ᠃       ᠰᠤᠳᠤᠯᠤᠨ ᠶᠠᠷᠢᠯᠴᠠᠬᠤ ᠬᠤᠷᠠᠯ  ᠲᠡᠭᠡᠷ᠎ᠡ᠂  ︽2019  ᠤᠨ   ᠤ  ᠪᠦᠬᠦ ᠤᠯᠤᠰ ᠤᠨ  ᠭᠠᠵᠠᠷ ᠰᠢᠨᠵᠢᠯᠡᠭᠡᠨ   ᠤ  ᠡᠷᠲᠡᠨ ᠤ  ᠠᠮᠢᠲᠤ ᠪᠤᠳᠠᠰ  ᠤᠨ ᠰᠢᠨᠵᠢᠯᠡᠬᠦ ᠤᠬᠠᠭᠠᠨ ᠤ  ᠲᠦᠭᠡᠮᠡᠯᠵᠢᠬᠦᠯᠦᠯᠲᠡ ᠶᠢᠨ ᠠᠷᠪᠠᠨ ᠲᠤᠮᠤ ᠠᠬᠢᠴᠠ︾ ᠶᠢ  ᠨᠡᠶᠢᠲᠡᠯᠡᠵᠡᠢ᠂ ᠡᠬᠦᠨ ᠳᠤ  ᠂ ︽ᠦᠪᠦᠷ ᠮᠤᠩᠭᠤᠯ ᠤᠨ ᠪᠠᠶᠢᠭᠠᠯᠢ  ᠶᠢᠨ ᠮᠦᠽᠸᠢ ᠶᠢᠨ ᠭᠠᠵᠠᠷ ᠰᠢᠨᠵᠢᠯᠡᠭᠡᠨ ᠤ ᠡᠷᠲᠡᠨ ᠤ ᠠᠮᠢᠲᠤ ᠪᠤᠳᠠᠰ ᠤᠨ ᠲᠦᠷᠦᠯ ᠤᠨ ᠰᠢᠨᠵᠢᠯᠡᠬᠦ ᠤᠬᠠᠭᠠᠨ ᠤ ᠲᠦᠭᠡᠮᠡᠯᠵᠢᠬᠦᠯᠦᠯᠲᠡ ᠶᠢᠨ ᠬᠢᠴᠢᠶᠡᠯ ᠤᠨ ᠨᠡᠬᠡᠭᠡᠯᠲᠡ︾ ᠰᠤᠩᠭᠤᠬᠲᠠᠪᠠ᠃  ᠵᠡᠷᠭᠡ ᠳᠤᠨᠢ᠂ ᠦᠪᠦᠷ ᠮᠤᠩᠭᠤᠯ ᠤᠨ ᠪᠠᠶᠢᠭᠠᠯᠢ ᠶᠢᠨ ᠮᠦᠽᠸᠢ ᠨᠢ ᠲᠤᠮᠲᠠᠳᠤ ᠤᠯᠤᠰ ᠤᠨ ᠡᠷᠲᠡᠨ ᠤ ᠠᠮᠢᠲᠤ ᠪᠤᠲᠠᠰ  ᠤᠨ ᠡᠷᠲᠡᠮ ᠰᠢᠨᠵᠢᠯᠡᠭᠡᠨ ᠤ ᠨᠡᠶᠢᠭᠡᠮᠯᠢᠭ᠂ ᠲᠤᠮᠲᠠᠳᠤ ᠤᠯᠤᠰ ᠤᠨ ᠡᠷᠲᠡᠨ ᠤ ᠠᠮᠢᠲᠤ ᠪᠤᠲᠠᠰ ᠤᠨ ᠴᠢᠯᠠᠭᠤᠵᠢᠮᠠᠯ ᠢ ᠬᠠᠮᠠᠭᠠᠯᠠᠬᠤ ᠰᠠᠭᠤᠷᠢ  ᠮᠦᠩᠭᠬᠦᠨ ᠤ ᠬᠤᠷᠠᠯ ᠠᠴᠠ ᠲᠤᠰ ᠲᠤᠰ ᠤᠯᠭᠤᠬᠰᠠᠨ ︽ᠲᠤᠮᠲᠠᠳᠤ ᠤᠯᠤᠰ ᠤᠨ ᠡᠷᠲᠡᠨ ᠤ ᠠᠮᠢᠲᠤ ᠪᠤᠲᠠᠰ ᠤᠨ ᠡᠷᠲᠡᠮ ᠰᠢᠨᠵᠢᠯᠡᠭᠡᠨ ᠤ ᠨᠡᠶᠢᠭᠡᠮᠯᠢᠭ ᠤᠨ ᠪᠦᠬᠦ ᠤᠯᠤᠰ  ᠤᠨ ᠰᠢᠨᠵᠢᠯᠡᠬᠦ ᠤᠬᠠᠭᠠᠨ ᠤ ᠲᠦᠭᠡᠮᠡᠯᠵᠢᠬᠦᠯᠦᠯᠲᠡ ᠶᠢᠨ ᠰᠤᠷᠭᠠᠨ ᠬᠦᠮᠦᠵᠢᠯ ᠤᠨ  ᠰᠠᠭᠤᠷᠢᠨ︾ ︽ᠲᠤᠮᠲᠠᠳᠤ ᠤᠯᠤᠰ ᠤᠨ ᠡᠷᠲᠡᠨ ᠤ ᠠᠮᠢᠲᠤ  ᠪᠤᠲᠠᠰ ᠤᠨ ᠴᠢᠯᠠᠭᠤᠵᠢᠮᠠᠯ ᠢ ᠬᠠᠮᠠᠭᠠᠯᠠᠬᠤ ᠰᠠᠭᠤᠷᠢ ᠮᠦᠩᠭᠬᠦᠨ ᠤ   ᠬᠤᠷᠠᠯ ᠤᠨ ᠴᠢᠯᠠᠭᠤᠵᠢᠮᠠᠯ ᠤᠨ ᠰᠤᠶᠤᠯ ᠤᠨ ᠲᠠᠮᠵᠢᠭᠤᠯᠭ᠎ᠠ ᠶᠢᠨ ᠰᠠᠭᠤᠷᠢᠨ︾ ᠴᠤᠯᠠ ᠶᠢ ᠬᠦᠷᠲᠡᠵᠦ᠂ ᠪᠠᠶᠢᠭᠠᠯᠢ ᠶᠢᠨ ᠡᠬᠢ ᠪᠶᠠᠯᠢᠭ ᠤᠨ  ᠶᠠᠮᠤᠨ ᠤ ᠵᠡᠬᠦᠨ ᠬᠤᠶᠢᠳᠤ ᠠᠽᠢᠶ᠎ᠠ ᠶᠢᠨ ᠡᠷᠲᠡᠨ ᠤᠨ ᠠᠮᠢᠲᠤ ᠪᠤᠳᠠᠰ ᠤᠨ ᠬᠤᠪᠢᠷᠠᠯ ᠤᠨ ᠭᠤᠤᠯᠲᠠᠯᠭ᠎ᠠ  ᠲᠠᠢ ᠲᠤᠷᠰᠢᠯᠲᠠ ᠶᠢᠨ ᠭᠡᠷ ᠤᠨ ︽ᠲᠤᠷᠰᠢᠯᠲᠡ ᠶᠢᠨ ᠰᠠᠭᠤᠷᠢᠨ︾   ᠢᠶᠠᠷ ᠵᠢᠬᠰᠠᠭᠠᠬᠲᠠᠪᠠ᠃      ᠦᠪᠦᠷ ᠮᠤᠩᠭᠤᠯ ᠤᠨ  ᠪᠠᠶᠢᠭᠠᠯᠢ ᠶᠢᠨ  ᠮᠦᠽᠸᠢ   ᠶᠢᠨ ᠲᠠᠷᠤᠭ᠎ᠠ ᠸᠠᠩ ᠵᠢᠶᠦ᠋ᠨ ᠶᠸᠦ  ᠢᠯᠡᠷᠬᠡᠶᠢᠯᠡᠬᠦ ᠳᠡᠭᠡᠨ᠄ ᠪᠠᠶᠢᠭᠠᠯᠢ ᠶᠢᠨ ᠮᠦᠽᠸᠢ ᠨᠢ ᠦᠩᠭᠡᠷᠡᠭᠰᠡᠨ᠂ ᠤᠳᠤ ᠪᠠ ᠢᠷᠡᠭᠡᠲᠦᠢ   ᠶᠢᠨ ᠪᠠᠶᠢᠭᠠᠯᠢ ᠶᠢᠨ ᠪᠤᠲᠠᠰ ᠶᠢᠨ ᠭᠡᠷᠡᠴᠢ ᠵᠢᠴᠢ ᠤᠷᠴᠢᠨ ᠠᠬᠤᠢ ᠶᠢᠨ  ᠰᠤᠷᠠᠭ ᠴᠢᠮᠡᠭᠡ ᠶᠢ ᠠᠴᠢᠶᠠᠯᠠᠬᠤ ᠪᠠ ᠣᠯᠠᠮᠵᠢᠯᠠᠨ ᠲᠠᠷᠬᠠᠭᠠᠬᠤ  ᠤᠬᠠᠭᠤᠯᠭ᠎ᠠ ᠬᠦᠮᠦᠵᠢᠯ ᠦᠢᠯᠡᠴᠢᠯᠡᠭᠡ ᠶᠢᠨ ᠪᠠᠨᠶᠢᠭᠤᠯᠤᠮᠵᠢ ᠶᠢᠨ ᠬᠤᠪᠢ ᠳᠤ᠂ ᠪᠠᠶᠢᠭᠠᠯᠢ ᠶᠢᠨ ᠰᠢᠨᠵᠢᠯᠡᠭᠡ ᠰᠤᠲᠤᠯᠭᠠᠨ ᠤ ᠰᠢᠨᠵᠢᠯᠡᠬᠦ ᠤᠬᠠᠭᠠᠨ ᠤ ᠲᠦᠭᠡᠮᠡᠯᠵᠢᠬᠦᠯᠦᠯᠲᠡ ᠶᠢ ᠦᠷᠨᠢᠬᠦᠯᠬᠦ ᠨᠢ  ᠰᠢᠨ᠎ᠡ ᠪᠠᠶᠢᠲᠠᠯ ᠤᠨ ᠲᠤᠤᠷᠠᠬᠢ ᠨᠡᠶᠢᠭᠡᠮ ᠤᠨ ᠱᠠᠭᠠᠷᠲᠠᠯᠭ᠎ᠠ ᠪᠠ ᠬᠠᠷᠢᠭᠤᠴᠠᠯᠭ᠎ᠠ ᠡᠭᠦᠷᠭᠡᠯᠡᠯ ᠪᠤᠯᠤᠨ᠎ᠠ᠃ ᠦᠪᠦᠷ ᠮᠤᠩᠭᠤᠯ ᠤᠨ  ᠪᠠᠶᠢᠭᠠᠯᠢ ᠶᠢᠨ ᠮᠦᠽᠸᠢ ᠰᠢᠨᠵᠢᠯᠡᠬᠦ ᠤᠬᠠᠭᠠᠨ ᠤ ᠲᠦᠭᠡᠮᠡᠯᠵᠢᠬᠦᠯᠦᠯᠲᠡ ᠶᠢᠨ ᠲᠠᠯ᠎ᠠ ᠪᠠᠷ᠂ ᠰᠢᠨᠵᠢᠯᠡᠬᠦ ᠤᠬᠠᠭᠠᠨ ᠤ ᠲᠦᠭᠡᠮᠡᠯᠵᠢᠬᠦᠯᠦᠯᠲᠡ ᠶᠢᠨ ᠰᠤᠷᠭᠠᠨ ᠬᠦᠮᠦᠵᠢᠯ ᠤᠨ ᠦᠯᠢᠭᠡᠷ ᠵᠢᠱᠢᠶ᠎ᠡ ᠰᠠᠭᠤᠷᠢᠨ ᠪᠠ ᠵᠢᠭᠠᠨ ᠰᠤᠷᠭᠠᠬᠤ ᠦᠢᠯᠡᠲᠦᠯᠭᠡᠵᠢᠬᠦᠯᠬᠦ ᠰᠠᠭᠤᠷᠢᠨ ᠤ ᠦᠢᠯᠡᠲᠦᠯ ᠢᠶᠠᠨ ᠬᠦᠢᠴᠡᠳ ᠪᠠᠲᠠᠷᠠᠭᠤᠯᠤᠨ᠂ ᠬᠡᠯᠪᠡᠷᠢ ᠤᠯᠠᠨ ᠶᠠᠩᠵᠤ ᠶᠢᠨ᠂ ᠠᠭᠤᠯᠭ᠎ᠠ ᠡᠯᠪᠡᠭ ᠪᠠᠶᠠᠯᠢᠭ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠰᠢᠨᠵᠢᠯᠡᠬᠦ ᠤᠬᠠᠭᠠᠨ ᠤ ᠲᠦᠭᠡᠮᠡᠯᠵᠢᠬᠦᠯᠦᠯᠲᠡ ᠶᠢᠨ ᠬᠢᠴᠢᠶᠡᠯ ᠵᠢᠭᠠᠯᠲᠠ ᠶᠢ ᠦᠷᠨᠢᠬᠦᠯᠦᠨ᠎ᠡ ᠭᠡᠯ᠎ᠡ᠃   http://mongol.people.com.cn/15827305.html
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ