ᠬᠦᠬᠡᠬᠤᠲᠠ ᠬᠡᠦᠬᠡᠯᠲᠠᠢ ᠵᠢᠷᠤᠭ ᠤᠨ ᠠᠵᠤ ᠦᠢᠯᠡᠰ ᠤᠨ ᠰᠢᠨ᠎ᠡ ᠦᠨᠲᠦᠷᠯᠢᠭ ᠢ ᠪᠠᠶᠢᠭᠤᠯᠵᠤ ᠪᠤᠢ
ᠨᠡᠶᠢᠲᠡᠯᠡᠭᠰᠡᠨ ᠴᠠᠭ᠄
2020/10/21
    10  ᠳ᠋ᠤᠭᠠᠷ ᠰᠠᠷ᠎ᠠ ᠶᠢᠨ 17 ᠠᠴᠠ19 ᠤ ᠡᠲᠦᠷ ᠪᠤᠯᠲᠠᠯ᠎ᠠ᠂ ᠬᠦᠬᠡᠬᠤᠲᠠ ᠶᠢᠨ ᠠᠷᠠᠳ ᠤᠨ ᠵᠠᠰᠠᠭ ᠤᠨ ᠤᠷᠲᠤᠨ᠂  ᠲᠤᠮᠲᠠᠳᠤ ᠤᠯᠤᠰ ᠤᠨ ᠬᠡᠦᠬᠡᠯᠲᠡᠢ ᠵᠢᠷᠤᠭ ᠤᠨ ᠪᠦᠯᠦᠭᠯᠡᠯ ᠬᠠᠮᠳᠤᠷᠠᠨ ᠡᠷᠬᠢᠯᠡᠭᠰᠡᠨ 2020  ᠤᠨ ᠤ ᠠᠩᠬᠠᠳᠤᠭᠠᠷ ᠬᠤᠭᠤᠴᠠᠭᠠᠨ ᠤ ᠲᠠᠯ᠎ᠠ ᠨᠤᠲᠤᠭ ᠤᠨ ᠬᠡᠦᠬᠡᠯᠲᠡᠢ ᠵᠢᠷᠤᠭ ᠤᠨ ᠤᠨ ᠤ ᠠᠵᠢᠯᠯᠠᠭ᠎ᠠ ᠦᠪᠦᠷ ᠮᠤᠩᠭᠤᠯ  ᠤᠨ ᠤᠯᠠᠨ ᠤᠯᠤᠰ ᠤᠨ ᠦᠵᠡᠬᠦᠯᠦᠯᠭᠡ ᠤᠨ  ᠲᠦᠪ ᠲᠤ ᠪᠤᠯᠪᠠ᠂ ︽ᠲᠡᠯᠭᠡᠬᠦ᠂ ᠮᠦᠷᠦᠶᠢᠴᠡᠬᠦ᠂ ᠲᠤᠬᠯᠠᠬᠤ᠂ ᠬᠤᠲᠠᠯᠳᠤᠨ ᠠᠪᠬᠤ᠂ ᠴᠡᠩᠬᠡᠭᠦᠨ︾ ᠲᠠᠪᠤᠨ ᠶᠡᠭᠡ ᠬᠡᠰᠡᠭ᠂ 20  ᠭᠠᠷᠤᠢ ᠬᠠᠷᠢᠯᠴᠠᠨ ᠦᠢᠯᠡᠲᠦᠯᠴᠡᠬᠦ ᠠᠠᠵᠢᠯᠯᠠᠭ᠎ᠠ᠂ ᠮᠢᠩᠭ᠎ᠠ ᠭᠠᠷᠤᠢ ᠲᠦᠷᠦᠯ ᠤᠨ ᠬᠡᠦᠬᠡᠯᠲᠡᠢ ᠵᠢᠷᠤᠭ ᠤᠨ ᠲᠤᠭᠯᠠᠭᠠᠮ ᠤᠨ ᠰᠤᠶᠤᠯ ᠡᠬᠦᠲᠦᠯᠲᠡ ᠤᠨ ᠪᠦᠲᠦᠭᠲᠡᠬᠦᠨ ᠨᠦᠭᠦᠳ ᠲᠠᠯ᠎ᠠ ᠨᠤᠲᠤᠭ ᠤᠨ ᠬᠡᠦᠬᠡᠯᠲᠡᠢ ᠵᠢᠷᠤᠭ ᠤᠨ ᠤᠨ ᠤ ᠠᠵᠢᠯᠯᠠᠭ᠎ᠠ ᠳᠤ ᠴᠤᠭᠯᠠᠷᠠᠨ᠂ ᠤᠷᠤᠨ  ᠤ ᠲᠦᠪ ᠤᠨ ᠬᠡᠦᠬᠡᠯᠲᠡᠢ ᠵᠢᠷᠤᠭ ᠤᠨ ᠪᠠᠭ᠋ᠠᠳᠤᠳ ᠲᠤ ᠶᠡᠷᠦᠩᠬᠡᠶᠢᠯᠡᠭᠰᠡᠨ ᠴᠢᠨᠠᠷᠲᠠᠢ ᠬᠡᠦᠬᠡᠯᠲᠡᠢ ᠵᠢᠷᠤᠭ ᠤᠨ ᠦᠪᠡᠲᠡᠭᠰᠢ ᠴᠤᠭᠯᠠᠭᠠᠨ ᠡᠬᠦᠳᠴᠦ᠂ ᠦᠢ ᠤᠯᠠᠨ ᠬᠡᠦᠬᠡᠯᠲᠡᠢ  ᠵᠢᠷᠤᠭ ᠤᠨ ᠪᠠᠭ᠋ᠠᠳᠤᠳ ᠬᠢᠭᠡᠳ ᠤᠷᠤᠨ ᠤ ᠲᠦᠪ  ᠤᠨ ᠰᠠᠭᠤᠭᠠᠯᠢᠴᠤᠳ ᠤᠨ ᠪᠠᠬ᠎ᠠ ᠶᠢ ᠲᠠᠲᠠᠵᠤ ᠤᠷᠮ᠎ᠠ ᠶᠢ ᠬᠦᠭᠵᠢᠭᠡᠯ᠎ᠡ᠃    10  ᠭᠠᠷᠤᠢ ᠲᠤᠰᠬᠠᠢ ᠰᠡᠳᠦᠪᠲᠦ  ᠲᠡᠯᠭᠡᠨ ᠦᠵᠡᠬᠦᠯᠭᠡ ᠶᠢᠨ ᠲᠤᠭᠤᠷᠢᠭ ᠲᠤ᠂ ︽ᠬᠤᠪᠢᠰᠬᠠᠯ ᠤᠨ ᠰᠤᠳᠤᠨ︾ ᠦᠷᠬᠦᠯᠵᠢᠯᠡᠭᠰᠡᠨ ᠵᠢᠷᠤᠭ ᠤᠷᠠᠯᠢᠭ ᠤᠨ ᠲᠡᠯᠭᠡᠨ ᠦᠵᠡᠬᠦᠯᠭᠡ ᠬᠤᠲᠠ ᠶᠢᠨ ᠠᠷᠠᠳ ᠤᠨ ᠠᠩᠬᠠᠷᠤᠯ ᠢ ᠲᠠᠲᠠᠪᠠ᠃ ︽ᠯᠦᠩ ᠮᠸᠢ ᠬᠢᠭᠡᠳ ᠢᠤᠢ ᠷᠥᠩ﹀ ᠢᠶᠠᠷ ᠭᠤᠤᠯ ᠰᠡᠳᠦᠪ ᠪᠤᠯᠭᠠᠬᠰᠠᠨ 48 ᠪᠤᠲᠤᠭᠲᠤ ᠦᠷᠬᠦᠯᠵᠢᠯᠡᠭᠰᠡᠨ ᠵᠢᠷᠤᠭ ᠤᠷᠠᠯᠢᠭ ᠤᠨ ᠪᠦᠲᠦᠭᠡᠯ ᠲᠠᠯ᠎ᠠ ᠨᠤᠲᠤᠭ ᠤᠨ ᠪᠢᠴᠢᠬᠠᠨ ᠪᠠᠭᠠᠳᠤᠷ ᠡᠭᠡᠴᠢ ᠦᠬᠢᠨ ᠲᠡᠬᠦᠦ  ᠶᠢᠨ ᠰᠡᠳᠬᠢᠯ ᠬᠦᠲᠡᠯᠦᠮ᠎ᠡ ᠦᠯᠢᠭᠡᠷ ᠢ ᠲᠡᠯᠭᠡᠨ ᠬᠠᠷᠠᠭᠤᠯᠪᠠ᠃ ︽ᠲᠠᠯ᠎ᠠ ᠨᠤᠲᠤᠭ ᠤᠨ ᠪᠢᠴᠢᠬᠠᠨ ᠪᠠᠭᠠᠳᠤᠷ ᠡᠭᠡᠴᠢ ᠦᠬᠢᠨ ᠲᠡᠬᠦᠦ ᠮᠠᠨ ᠤ ᠦᠪᠡᠷᠲᠡᠭᠡᠨ ᠵᠠᠰᠠᠬᠤ ᠤᠷᠤᠨ ᠤ ᠨᠡᠶᠢᠲᠡᠯᠢᠭ ᠦᠯᠢᠭᠡᠷ ᠪᠤᠯᠤᠨ᠎ᠠ᠃ ᠪᠢᠲᠡ ᠬᠠᠷᠠᠬᠠᠨ ᠪᠠᠭ᠎ᠠ ᠠᠴᠠ ᠪᠠᠨ ᠲᠠᠯ᠎ᠠ ᠨᠤᠲᠤᠭ ᠤᠨ ᠪᠢᠴᠢᠬᠠᠨ ᠪᠠᠭᠠᠳᠤᠷ ᠡᠭᠡᠴᠢ ᠦᠬᠢᠨ ᠲᠡᠬᠦᠦ ᠶᠢ ᠰᠢᠲᠤᠨ ᠪᠢᠰᠢᠷᠡᠲᠡᠭ᠃ ᠦᠨᠦᠲᠦᠷ ᠡᠨᠡ ᠬᠦ ᠦᠯᠢᠭᠡᠷ ᠢ ᠬᠡᠦᠬᠡᠯᠲᠡᠢ ᠵᠢᠷᠤᠭ ᠤᠨ ᠬᠡᠯᠪᠡᠷᠢ ᠪᠠᠷ ᠲᠠᠬᠢᠨᠲᠠ ᠬᠠᠷᠠᠭᠤᠯᠤᠬᠰᠠᠨ ᠨᠢ ᠨᠠᠳᠠᠳᠤ ᠶᠡᠭᠡ ᠰᠠᠶᠢᠬᠠᠨ ᠰᠠᠨᠠᠭᠲᠠᠵᠤ ᠪᠠᠶᠢᠨ᠎ᠠ︾  ᠭᠡᠵᠦ ᠠᠲᠡ ᠲᠤᠭᠤᠷᠢᠨ ᠦᠵᠡᠵᠦ ᠠᠬᠰᠠᠨ ᠵᠠᠢ ᠤᠪᠤᠭᠲᠤ ᠠᠪᠤᠭᠠᠢ ᠬᠡᠯᠡᠯ᠎ᠡ᠃    ᠲᠤᠮᠲᠠᠳᠤ ᠤᠯᠤᠰ ᠤᠨ ᠬᠡᠦᠬᠡᠯᠲᠡᠢ ᠵᠢᠷᠤᠭ ᠤᠨ ᠪᠦᠯᠦᠭᠯᠡᠯ ᠤᠨ ᠬᠤᠸᠠᠩ ᠴᠧᠩ ᠤᠷᠠᠯᠠᠯ ᠤᠨ ᠪᠦᠲᠦᠭᠲᠡᠭᠦᠨ  ᠤ ᠰᠤᠯᠢᠯᠴᠠᠭᠠᠨ ᠤ  ᠲᠦᠪ ᠤᠨ ᠬᠡᠷᠡᠭ ᠮᠡᠲᠡᠭᠴᠢᠳ ᠤᠨ ᠲᠠᠷᠤᠭ᠎ᠠ ᠬᠡᠤ ᠶᠤᠸᠠᠢ ᠮᠢᠩ ᠰᠤᠷᠪᠤᠯᠴᠢᠯᠠᠭᠴᠢ ᠳᠤ᠄ ᠲᠠᠯ᠎ᠠ ᠨᠤᠲᠤᠭ ᠤᠨ ᠪᠢᠴᠢᠬᠠᠨ ᠪᠠᠭᠠᠳᠤᠷ ᠡᠭᠡᠴᠢ ᠦᠬᠢᠨ ᠲᠡᠬᠦᠦ ᠶᠢᠨ ᠦᠢᠯᠡ ᠠᠵᠢᠯᠯᠠᠭ᠎ᠠ ᠶᠢ ᠰᠤᠩᠭᠤᠨ ᠲᠠᠬᠢᠨ ᠢᠯᠡᠷᠡᠬᠦᠯᠦᠭᠰᠡᠨ ᠨᠢ ᠶᠠᠭ ᠨᠡᠶᠢᠭᠡᠮ ᠵᠢᠷᠤᠮ ᠤᠨ  ᠭᠤᠤᠯᠯᠠᠬᠤ ᠦᠷᠲᠡᠭ ᠤᠨ ᠦᠵᠡᠯᠲᠡ ᠬᠢᠭᠡᠳ ᠤᠯᠤᠰ ᠭᠡᠷ ᠢᠶᠠᠨ ᠬᠠᠶᠢᠷᠠᠯᠠᠬᠤ ᠦᠵᠡᠯ ᠰᠠᠨᠠᠭ᠎ᠠ ᠶᠢ ᠤᠯᠠᠮ ᠨᠢᠭᠡ ᠠᠯᠬᠤᠮ ᠬᠠᠷᠠᠭᠤᠯᠬᠤ ᠶᠢᠨ ᠲᠦᠯᠦᠭᠡ ᠶᠤᠮ᠂ ᠤᠴᠢᠷ ᠨᠢ ᠲᠠᠯ᠎ᠠ ᠨᠤᠲᠤᠭ ᠤᠨ ᠪᠢᠴᠢᠬᠠᠨ ᠪᠠᠭᠠᠳᠤᠷ ᠡᠭᠡᠴᠢ ᠦᠬᠢᠨ ᠲᠡᠬᠦᠦ ᠪᠤᠯ ᠤᠨᠴᠠᠭᠠᠢ ᠵᠦᠪ ᠡᠷᠴᠢᠮ ᠬᠦᠴᠦᠨ ᠮᠦᠨ ᠪᠦᠭᠡᠳ ᠮᠠᠨ ᠤ ᠲᠡᠷᠭᠡᠲᠡ ᠡᠭᠦᠰᠦᠭᠰᠡᠨ ᠦᠯᠢᠭᠡᠷ ᠶᠤᠮ ᠭᠡᠪᠡ᠃      ᠬᠡᠦᠬᠡᠯᠲᠡᠢ ᠵᠢᠷᠤᠭ ᠤᠨ ᠤᠨ ᠤ ᠠᠵᠢᠯᠯᠠᠭ᠎ᠠ ᠲᠤᠮᠲᠠ᠂ ᠲᠤᠮᠲᠠᠳᠤ ᠤᠯᠤᠰ ᠤᠨ ᠬᠡᠦᠬᠡᠯᠲᠡᠢ ᠵᠢᠷᠤᠭ ᠤᠨ ᠪᠦᠯᠦᠭᠯᠡᠯ ︽ᠨᠢᠭᠡ ᠪᠦᠰᠡ ᠨᠢᠭᠡ  ᠵᠠᠮ︾   ᠤᠨ ᠨᠡᠪᠲᠡᠷᠡᠯᠴᠡᠭᠡ ᠬᠢᠭᠡᠳ ᠲᠠᠬᠢᠨ ᠠᠮᠢᠯᠠᠬᠰᠠᠨ ᠲᠤᠭᠠᠴᠢᠯᠠᠯᠲᠠ ᠶᠢᠨ ᠲᠡᠯᠭᠡᠨ ᠦᠵᠡᠬᠦᠯᠦᠯᠭᠡ  ᠲᠦᠯᠬᠢᠨ ᠭᠠᠷᠭᠠᠵᠤ  ᠂ VR、AR、AI ᠵᠡᠷᠭᠡ ᠰᠢᠨ᠎ᠡ ᠬᠡᠯᠪᠡᠷᠢ ᠶᠢᠨ  ᠪᠡᠶᠡᠲᠡᠭᠰᠡᠨ ᠤᠶᠢᠯᠠᠭᠠᠯᠲᠠ ᠶᠢᠨ ᠮᠡᠷᠭᠡᠵᠢᠯ ᠯᠦᠭᠡ ᠤᠶᠠᠯᠳᠤᠭᠤᠯᠤᠨ᠂ ᠰᠢᠨᠵᠢᠯᠡᠭᠡ  ᠮᠡᠷᠬᠡᠵᠢᠯ ᠬᠢᠭᠡᠳ  ᠰᠤᠶᠤᠯ᠂ ᠵᠢᠭᠤᠯᠴᠢᠯᠠᠯ   ᠯᠤᠭ᠎ᠠ ᠭᠦᠨ  ᠤᠶᠠᠯᠳᠤᠬᠰᠠᠨ ᠲᠡᠭᠡᠲᠦ ᠰᠢᠨᠵᠢᠯᠡᠭᠡ ᠮᠡᠷᠭᠡᠵᠢᠯ ᠤᠨ ᠰᠤᠶᠤᠯ ᠵᠢᠭᠤᠯᠴᠢᠯᠠᠯ ᠤᠨ ᠪᠦᠲᠦᠭᠲᠡᠬᠦᠨ ᠦᠢᠯᠡᠳᠴᠡᠢ᠃ ᠵᠢᠷᠤᠭ ᠬᠡᠦᠬᠡᠯᠲᠡᠢ ᠵᠢᠷᠤᠭ ᠤᠨ ᠤᠷᠠᠯᠢᠭ ᠤᠨ ᠤᠷᠤᠨ ᠵᠠᠢ ᠶᠢᠨ ᠦᠵᠡᠬᠦᠯᠦᠯᠭᠡ᠂ ︽ᠲᠡᠭᠷᠢ ᠶᠢᠨ ᠬᠢᠵᠠᠭᠠᠷ ᠲᠠᠬᠢ ᠪᠡᠯᠭᠡᠲᠦ ᠡᠬᠦᠯᠡ︾ ᠲᠠᠯ᠎ᠠ ᠨᠤᠲᠤᠭ ᠤᠨ ᠵᠡᠭᠡᠯᠢ ᠶᠢᠨ ᠵᠢᠷᠤᠭ ᠤᠨ ᠲᠤᠮᠤ ᠦᠵᠡᠬᠦᠯᠦᠯᠭᠡ ᠵᠡᠷᠭᠡ ᠭᠤᠤᠯ ᠰᠡᠳᠦᠪᠲᠦ ᠦᠵᠡᠬᠦᠯᠦᠯᠭᠡ ᠨᠢ ᠲᠠᠯ᠎ᠠ ᠨᠤᠲᠤᠭ ᠤᠨ ᠬᠡᠦᠬᠡᠯᠲᠡᠢ ᠵᠢᠷᠤᠭ ᠤᠨ ᠤᠨ ᠤ ᠠᠵᠢᠯᠯᠠᠭ᠎ᠠ ᠶᠢᠨ ᠠᠭᠤᠯᠭ᠎ᠠ ᠶᠢ ᠪᠠᠶᠠᠯᠢᠬᠵᠢᠭᠤᠯᠪᠠ᠃ ᠡᠬᠦᠨ ᠤ ᠵᠡᠷᠭᠡᠲᠡ᠂ ᠠᠵᠢᠯᠯᠠᠭ᠎ᠠ ᠨᠢ ᠭᠠᠲᠠᠷ ᠤᠷᠤᠨ ᠤ ᠺᠢᠨᠣ᠋ ᠲᠧᠯᠸᠢᠰ ᠪᠠ ᠰᠤᠶᠤᠯ ᠤᠨ  ᠪᠦᠲᠦᠭᠲᠡᠬᠦᠨ ᠤ ᠮᠠᠰᠢ ᠤᠯᠠᠨ ᠠᠵᠤ ᠠᠬᠤᠶᠢᠯᠠᠯ ᠢ ᠲᠠᠲᠠᠨ ᠠᠪᠴᠢᠷᠠᠵᠤ ᠦᠯᠡᠬᠦᠯᠦᠯᠭᠡ ᠳᠤ ᠤᠷᠤᠯᠴᠠᠭᠤᠯᠤᠬᠰᠠᠨ ᠪᠠᠶᠢᠨ᠎ᠠ᠃  ︵︽ᠬᠦᠬᠡᠬᠤᠲᠠ ᠶᠢᠨ ᠡᠲᠦᠷ ᠤᠨ ᠰᠤᠨᠢᠨ︾ ᠤ ᠰᠤᠷᠪᠤᠯᠵᠢᠯᠠᠬᠴᠢ ᠹᠧᠩ ᠶᠠᠨ ᠫᠢᠩ    ᠯᠢ ᠬᠠᠢ ᠵᠧᠨ︶http://mongol.people.com.cn/15827179.html
 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号