ᠮᠠᠨ ᠤ ᠤᠷᠤᠨ ᠬᠦᠬᠡᠬᠤᠳᠠ — ᠪᠡᠬᠡᠵᠢᠩ ᠤᠨ ᠲᠦᠷᠬᠡᠨ ᠤ ᠲᠠᠮᠦᠷ ᠵᠠᠮ ᠤᠨ ᠭᠠᠯᠳᠤ ᠲᠡᠷᠬᠡ ᠶᠢ ᠨᠡᠮᠡᠵᠦ ᠲᠣᠬᠢᠷᠠᠭᠤᠯᠪᠠ
ᠨᠡᠶᠢᠲᠡᠯᠡᠭᠰᠡᠨ ᠴᠠᠭ᠄
2020/10/14
     ᠥᠪᠥᠷ ᠮᠣᠩᠭᠤᠯ ᠤᠨ ᠡᠳᠦᠷ ᠤᠨ ᠰᠣᠨᠢᠨ ᠤ ᠮᠡᠳᠡᠭᠡ ︵ᠰᠤᠷᠪᠤᠯᠵᠢᠯᠠᠬᠴᠢ ᠬᠠᠢ ᠴᠢᠤᠧᠠᠨ︶ ᠬᠦᠬᠡᠬᠤᠳᠠ ᠶᠢᠨ ᠲᠡᠮᠦᠷ ᠵᠠᠮ ᠤᠨ ᠲᠣᠪᠴᠢᠶ᠎ᠠ ᠠᠴᠠ  ᠤᠢᠢᠯᠠᠭᠠᠬᠰᠠᠨ ᠢᠶᠠᠷ᠂ 10 ᠰᠠᠷ᠎ᠠ ᠶᠢᠨ 11 ᠤ ᠡᠳᠤᠷ ᠠᠴᠠ ᠡᠬᠢᠯᠡᠨ᠂ ᠲᠤᠰ ᠲᠣᠪᠴᠢᠶ᠎ᠠ ᠭᠠᠷᠠᠭ ᠪᠦᠷᠢ ᠶᠢᠨ ᠲᠠᠪᠤᠨ᠂ ᠵᠢᠷᠭᠤᠭᠠᠨ ᠪᠠ ᠭᠠᠷᠠᠭ ᠤᠨ ᠡᠳᠦᠷ ᠵᠢᠴᠢ ᠠᠶᠠᠨᠴᠢᠨ ᠲᠦᠪᠯᠡᠷᠡᠭᠰᠡᠨ ᠬᠤᠭᠤᠴᠠᠭᠠᠨ ᠳᠤ᠂ ᠬᠦᠬᠡᠬᠤᠳᠠ ᠶᠢᠨ ᠭᠠᠯᠳᠤ ᠲᠡᠷᠬᠡᠨ ᠤ ᠵᠡᠬᠦᠨ ᠦᠷᠳᠡᠭᠡ ᠪᠠ ᠪᠡᠭᠡᠵᠢᠩ ᠤᠨ ᠴᠢᠩ ᠾᠧ ᠭᠠᠯᠳᠤ ᠲᠡᠷᠬᠡᠨ ᠦᠷᠳᠡᠭᠡ ᠶᠢᠨ ᠬᠤᠭᠤᠷᠤᠨᠳᠤ 6 ᠡᠬᠡᠯᠵᠢ ᠶᠢᠨ ᠲᠦᠷᠬᠡᠨ ᠤ ᠲᠡᠮᠦᠷ ᠵᠠᠮ ᠤᠨ ᠭᠠᠯᠳᠤ ᠲᠡᠷᠬᠡ ᠨᠡᠮᠡᠵᠦ ᠲᠤᠬᠢᠷᠠᠭᠤᠯᠤᠬᠰᠠᠨ ᠪᠠᠶᠢᠨ᠎ᠠ᠃      ᠬᠠᠮᠳᠤ ᠳᠤᠨᠢ᠂ ᠬᠦᠬᠡᠬᠤᠳᠠ ᠶᠢᠨ ᠲᠡᠮᠦᠷ ᠵᠠᠮ ᠤᠨ ᠲᠣᠪᠴᠢᠶ᠎ᠠ ᠪᠠᠰᠠ ᠦᠬᠠᠢ ᠶᠢᠨ ᠭᠠᠯᠳᠤ ᠲᠡᠷᠬᠡᠨ ᠤ ᠪᠠᠷᠠᠭᠤᠨ ᠦᠷᠳᠡᠭᠡ — ᠲᠠᠶᠢᠶᠤᠧᠠᠨ ᠤ ᠲᠡᠮᠦᠷ ᠵᠠᠮ ᠤᠨ ᠱᠤᠭᠤᠮ ᠳᠤ 1 ᠬᠤᠤᠰ ᠡᠬᠡᠯᠵᠢ ᠶᠢᠨ ᠬᠤᠷᠳᠤᠨ ᠤ ᠠᠶᠠᠨᠴᠢᠨ ᠤ ᠭᠠᠯᠳᠤ ᠲᠡᠷᠬᠡ ᠨᠡᠮᠡᠨ ᠲᠤᠬᠢᠷᠠᠭᠤᠯᠵᠦ᠂ ᠬᠦᠬᠡᠬᠤᠳᠠ — ᠦᠬᠠᠢ ᠶᠢᠨ K7905/6 ᠡᠬᠡᠯᠵᠢ ᠶᠢᠨ ᠠᠶᠠᠨᠴᠢᠨ ᠤ ᠭᠠᠯᠳᠤ ᠲᠡᠷᠬᠡ ᠶᠢ ᠭᠠᠷᠠᠭ ᠤᠨ ᠰᠡᠭᠦᠯᠴᠢ ᠶᠢᠨ ᠠᠶᠠᠨᠴᠢᠨ ᠲᠦᠪᠯᠡᠷᠡᠭᠰᠡᠨ ᠲᠡᠮᠦᠷ ᠵᠠᠮ ᠤᠨ ᠱᠤᠭᠤᠮ ᠤᠨ ᠭᠠᠯᠳᠤ ᠲᠡᠷᠬᠡ ᠪᠠᠶᠢᠬᠰᠠᠨ ᠠᠴᠠ ᠡᠳᠦᠷ ᠪᠦᠷᠢ ᠶᠠᠪᠤᠭᠤᠯᠬᠤ ᠪᠤᠯᠭᠠᠵᠦ ᠦᠬᠡᠷᠡᠴᠢᠯᠡᠭᠰᠡᠨ ᠪᠠᠶᠢᠨ᠎ᠠ᠃ ᠡᠬᠦᠨ ᠠᠴᠠ ᠭᠠᠳᠠᠨ᠎ᠠ᠂ ᠲᠤᠰ ᠲᠣᠪᠴᠢᠶ᠎ᠠ ᠪᠠᠰᠠ ᠬᠦᠬᠡᠬᠤᠳᠠ — ᠰᠢᠨᠢᠩ᠂ ᠪᠤᠭᠤᠳᠤ — ᠴᠢᠩᠳᠤᠤ᠂ ᠬᠦᠬᠡᠬᠤᠳᠠ — ᠺᠦᠨᠮᠢᠩ ᠵᠡᠷᠬᠡ 29 ᠡᠬᠡᠯᠵᠢ ᠶᠢᠨ ᠠᠶᠠᠨᠴᠢᠨ ᠤ ᠭᠠᠯᠳᠤ ᠲᠡᠷᠬᠡ ᠶᠢᠨ ᠠᠶᠠᠯᠠᠯ ᠤᠨ ᠴᠠᠬ ᠪᠠ ᠭᠠᠯᠳᠤ ᠲᠡᠷᠬᠡ ᠵᠤᠬᠰᠤᠬᠤ ᠦᠷᠳᠡᠭᠡ ᠳᠤ ᠲᠤᠬᠢᠷᠠᠭᠤᠯᠤᠯᠳᠠ ᠬᠢᠭᠰᠡᠨ ᠪᠠᠶᠢᠨ᠎ᠠ᠃
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ