ᠥᠪᠥᠷ ᠮᠣᠩᠭᠤᠯ ᠤᠨ ᠡᠳᠦᠷ ᠤᠨ ᠰᠣᠨᠢᠨ ᠤ ᠮᠡᠳᠡᠭᠡ ︵ᠰᠤᠷᠪᠤᠯᠵᠢᠯᠠᠬᠴᠢ ᠬᠠᠢ ᠴᠢᠤᠧᠠᠨ︶ | ᠬᠦᠬᠡᠬᠤᠳᠠ ᠶᠢᠨ ᠲᠡᠮᠦᠷ ᠵᠠᠮ ᠤᠨ ᠲᠣᠪᠴᠢᠶ᠎ᠠ ᠠᠴᠠ ᠤᠢᠢᠯᠠᠭᠠᠬᠰᠠᠨ ᠢᠶᠠᠷ᠂ 10 ᠰᠠᠷ᠎ᠠ ᠶᠢᠨ 11 ᠤ ᠡᠳᠤᠷ ᠠᠴᠠ | ᠡᠬᠢᠯᠡᠨ᠂ ᠲᠤᠰ ᠲᠣᠪᠴᠢᠶ᠎ᠠ ᠭᠠᠷᠠᠭ ᠪᠦᠷᠢ ᠶᠢᠨ ᠲᠠᠪᠤᠨ᠂ ᠵᠢᠷᠭᠤᠭᠠᠨ ᠪᠠ ᠭᠠᠷᠠᠭ ᠤᠨ ᠡᠳᠦᠷ ᠵᠢᠴᠢ ᠠᠶᠠᠨᠴᠢᠨ | ᠲᠦᠪᠯᠡᠷᠡᠭᠰᠡᠨ ᠬᠤᠭᠤᠴᠠᠭᠠᠨ ᠳᠤ᠂ ᠬᠦᠬᠡᠬᠤᠳᠠ ᠶᠢᠨ ᠭᠠᠯᠳᠤ ᠲᠡᠷᠬᠡᠨ ᠤ ᠵᠡᠬᠦᠨ ᠦᠷᠳᠡᠭᠡ ᠪᠠ ᠪᠡᠭᠡᠵᠢᠩ ᠤᠨ | ᠴᠢᠩ ᠾᠧ ᠭᠠᠯᠳᠤ ᠲᠡᠷᠬᠡᠨ ᠦᠷᠳᠡᠭᠡ ᠶᠢᠨ ᠬᠤᠭᠤᠷᠤᠨᠳᠤ 6 ᠡᠬᠡᠯᠵᠢ ᠶᠢᠨ ᠲᠦᠷᠬᠡᠨ ᠤ ᠲᠡᠮᠦᠷ ᠵᠠᠮ ᠤᠨ ᠭᠠᠯᠳᠤ | ᠲᠡᠷᠬᠡ ᠨᠡᠮᠡᠵᠦ ᠲᠤᠬᠢᠷᠠᠭᠤᠯᠤᠬᠰᠠᠨ ᠪᠠᠶᠢᠨ᠎ᠠ᠃ | ᠬᠠᠮᠳᠤ ᠳᠤᠨᠢ᠂ ᠬᠦᠬᠡᠬᠤᠳᠠ ᠶᠢᠨ ᠲᠡᠮᠦᠷ ᠵᠠᠮ ᠤᠨ ᠲᠣᠪᠴᠢᠶ᠎ᠠ ᠪᠠᠰᠠ ᠦᠬᠠᠢ ᠶᠢᠨ ᠭᠠᠯᠳᠤ ᠲᠡᠷᠬᠡᠨ ᠤ | ᠪᠠᠷᠠᠭᠤᠨ ᠦᠷᠳᠡᠭᠡ — ᠲᠠᠶᠢᠶᠤᠧᠠᠨ ᠤ ᠲᠡᠮᠦᠷ ᠵᠠᠮ ᠤᠨ ᠱᠤᠭᠤᠮ ᠳᠤ 1 ᠬᠤᠤᠰ ᠡᠬᠡᠯᠵᠢ ᠶᠢᠨ ᠬᠤᠷᠳᠤᠨ ᠤ | ᠠᠶᠠᠨᠴᠢᠨ ᠤ ᠭᠠᠯᠳᠤ ᠲᠡᠷᠬᠡ ᠨᠡᠮᠡᠨ ᠲᠤᠬᠢᠷᠠᠭᠤᠯᠵᠦ᠂ ᠬᠦᠬᠡᠬᠤᠳᠠ — ᠦᠬᠠᠢ ᠶᠢᠨ K7905/6 ᠡᠬᠡᠯᠵᠢ ᠶᠢᠨ | ᠠᠶᠠᠨᠴᠢᠨ ᠤ ᠭᠠᠯᠳᠤ ᠲᠡᠷᠬᠡ ᠶᠢ ᠭᠠᠷᠠᠭ ᠤᠨ ᠰᠡᠭᠦᠯᠴᠢ ᠶᠢᠨ ᠠᠶᠠᠨᠴᠢᠨ ᠲᠦᠪᠯᠡᠷᠡᠭᠰᠡᠨ ᠲᠡᠮᠦᠷ ᠵᠠᠮ ᠤᠨ ᠱᠤᠭᠤᠮ | ᠤᠨ ᠭᠠᠯᠳᠤ ᠲᠡᠷᠬᠡ ᠪᠠᠶᠢᠬᠰᠠᠨ ᠠᠴᠠ ᠡᠳᠦᠷ ᠪᠦᠷᠢ ᠶᠠᠪᠤᠭᠤᠯᠬᠤ ᠪᠤᠯᠭᠠᠵᠦ ᠦᠬᠡᠷᠡᠴᠢᠯᠡᠭᠰᠡᠨ ᠪᠠᠶᠢᠨ᠎ᠠ᠃ | ᠡᠬᠦᠨ ᠠᠴᠠ ᠭᠠᠳᠠᠨ᠎ᠠ᠂ ᠲᠤᠰ ᠲᠣᠪᠴᠢᠶ᠎ᠠ ᠪᠠᠰᠠ ᠬᠦᠬᠡᠬᠤᠳᠠ — ᠰᠢᠨᠢᠩ᠂ ᠪᠤᠭᠤᠳᠤ — ᠴᠢᠩᠳᠤᠤ᠂ | ᠬᠦᠬᠡᠬᠤᠳᠠ — ᠺᠦᠨᠮᠢᠩ ᠵᠡᠷᠬᠡ 29 ᠡᠬᠡᠯᠵᠢ ᠶᠢᠨ ᠠᠶᠠᠨᠴᠢᠨ ᠤ ᠭᠠᠯᠳᠤ ᠲᠡᠷᠬᠡ ᠶᠢᠨ ᠠᠶᠠᠯᠠᠯ ᠤᠨ ᠴᠠᠬ ᠪᠠ | ᠭᠠᠯᠳᠤ ᠲᠡᠷᠬᠡ ᠵᠤᠬᠰᠤᠬᠤ ᠦᠷᠳᠡᠭᠡ ᠳᠤ ᠲᠤᠬᠢᠷᠠᠭᠤᠯᠤᠯᠳᠠ ᠬᠢᠭᠰᠡᠨ ᠪᠠᠶᠢᠨ᠎ᠠ᠃ |