10 ᠰᠠᠷ᠎ᠠ ᠶᠢᠨ 11 ᠤ ᠡᠳᠦᠷ᠂ 5 ᠡᠳᠦᠷ ᠶᠠᠪᠤᠭᠳᠠᠭᠰᠠᠨ ︽ᠴᠡᠯᠡᠭᠡᠷ ᠲᠠᠯ᠎ᠠ ᠠᠮᠲᠠᠲᠤ ᠢᠳᠡᠭᠡᠨ ᠤ ᠪᠤᠳᠠᠰ | ᠤᠨ ᠪᠤᠰᠤ ᠢᠳᠡᠭᠡᠨ ᠰᠣᠶᠣᠯ ᠤᠨ ᠭᠠᠷᠠᠭ︾ ᠬᠥᠬᠡᠬᠤᠲᠠ ᠶᠢᠨ ᠬᠤᠳᠤᠩᠴᠤᠳ ᠤᠨ ᠲᠣᠭᠤᠷᠢᠭ ᠤᠨ ᠮᠤᠨᠢ | ᠠᠭᠤᠯᠠᠨ ᠤ ᠪᠣᠳᠠᠰ ᠤᠨ ᠪᠤᠰᠤ ᠢᠡᠳᠡᠭᠡᠨ ᠰᠣᠶᠣᠯ ᠤᠨ ᠥᠪ ᠤᠨ ᠵᠢᠵᠢᠭ ᠪᠠᠯᠭᠠᠰᠤᠨ ᠳᠤ ᠲᠡᠭᠦᠰ ᠠᠮᠵᠢᠯᠲᠠ ᠲᠠᠢ | ᠥᠨᠳᠥᠷᠯᠡᠪᠡ᠃ ᠲᠤᠰ ᠤᠳᠠᠭᠠᠨ ᠤ ᠠᠵᠢᠯᠯᠠᠭ᠎ᠠ ᠨᠢ ᠡᠯ᠎ᠡ ᠵᠦᠢᠯ ᠤᠨ ᠰᠦᠯᠵᠢᠶᠡᠨ ᠤ ᠲᠠᠪᠴᠠᠩ ᠢᠶᠠᠷ ᠳᠠᠮᠵᠢᠨ | ᠲᠠᠷᠬᠠᠭᠳᠠᠵᠦ᠂ ᠰᠦᠯᠵᠢᠶᠡᠨ ᠳᠡᠭᠡᠷ᠎ᠡ 210 ᠭᠠᠷᠤᠶ ᠲᠦᠮᠡᠨ ᠬᠥᠮᠦᠨ ᠤᠳᠠᠭ᠎ᠠ ᠬᠦᠯᠢᠶᠡᠨ ᠠᠪᠴᠤ ᠦᠵᠡᠭᠡᠳ᠂ | ᠰᠦᠯᠵᠢᠶᠡᠨ ᠳᠠᠭᠡᠷᠡᠬᠢ ᠠᠵᠢᠯᠯᠠᠭ᠎ᠠ ᠳᠤ ᠣᠷᠣᠯᠴᠠᠭᠰᠠᠨ ᠣᠯᠠᠨ ᠲᠦᠮᠡᠨ 6 ᠲᠦᠮᠨ ᠭᠠᠷᠤᠢ ᠬᠥᠮᠦᠨ ᠤᠳᠠᠭ᠎ᠠ ᠳᠤ | ᠬᠦᠷᠴᠡᠶ᠃ ᠬᠤᠣᠰ ᠪᠠᠶᠠᠷ ᠤᠨ ᠠᠮᠠᠷᠠᠯᠲᠠ ᠳᠤ ᠬᠤᠲᠠ ᠶᠢᠨ ᠠᠷᠠᠳ ᠤᠨ ᠵᠤᠭᠠᠴᠠᠭᠰᠠᠳ ᠪᠦᠷ ᠮᠤᠨᠢ ᠶᠢᠨ | ᠠᠭᠤᠯᠠ ᠶᠢᠨ ᠪᠣᠳᠠᠰ ᠤᠨ ᠪᠤᠰᠤ ᠢᠳᠡᠭᠡᠨ ᠰᠤᠶᠤᠯ ᠤᠨ ᠥᠪ ᠤᠨ ᠵᠢᠵᠢᠭ ᠪᠠᠯᠭᠠᠰᠤ ᠶᠢ ᠲᠤᠪᠴᠢᠲᠠᠵᠦ᠂ ᠠᠮᠲᠠᠲᠤ | ᠢᠳᠡᠭᠡᠨ ᠢᠳᠡᠵᠦ᠂ ︽ᠪᠣᠳᠠᠰ ᠤᠨ ᠪᠤᠰᠤ ᠢᠳᠡᠭᠡᠨ ᠰᠤᠶᠤᠯ︾ ᠢ ᠰᠣᠨᠢᠷᠬᠠᠵᠤ᠂ ᠦᠵᠡᠮᠵᠢ ᠦᠵᠡᠵᠦ᠂ ᠣᠨᠴᠠ | ᠭᠠᠷᠤᠯᠲᠠ ᠶᠢ ᠬᠤᠳᠠᠯᠳᠤᠨ ᠠᠪᠴᠠᠶ᠃ ︽ᠤᠯᠤᠰ ᠤᠨ ᠪᠠᠶᠠᠷ ᠲᠤ ᠡᠳᠦᠷ ᠪᠦᠷᠢ ᠪᠠᠶᠠᠷ ᠬᠥᠷ ᠲᠠᠢ︾ ᠪᠠᠶᠢᠯ᠎ᠠ᠃ | ︽ᠴᠡᠯᠡᠭᠡᠷ ᠲᠠᠯ᠎ᠠ ᠠᠮᠲᠠᠳᠤ ᠢᠳᠡᠭᠡᠨ ᠤ ᠪᠤᠳᠠᠰ ᠤᠨ ᠪᠤᠰᠤ ᠢᠳᠡᠭᠡᠨ ᠰᠣᠶᠣᠯ ᠤᠨ ᠭᠠᠷᠠᠭ︾ ᠪᠣᠯ ᠬᠤᠷᠢᠨ | ᠨᠢᠭᠡᠳᠦᠭᠡᠷ ᠬᠤᠭᠤᠴᠠᠭᠠᠨ ᠤ ᠬᠥᠬᠡᠬᠤᠲᠠ ᠶᠢᠨ ᠵᠣᠣ ᠵᠢᠶᠦ᠋ᠨ ᠰᠣᠶᠣᠯ ᠤᠨ ᠨᠠᠶᠢᠷ ᠤᠨ ᠰᠢᠷᠢᠰ ᠠᠵᠢᠯᠯᠠᠭ᠎ᠠ ᠶᠢᠨ | ᠨᠢᠭᠡ ᠪᠣᠯᠤᠨ᠎ᠠ᠃ ᠡᠨᠡ ᠬᠤᠭᠤᠴᠠᠭᠠᠨ ᠳᠤ ︽ᠴᠡᠯᠡᠭᠡᠷ ᠲᠠᠯ᠎ᠠ ᠠᠮᠲᠠᠳᠤ ᠢᠳᠡᠭᠡᠨ︾ ᠢᠳᠡᠭᠡᠨ ᠤ ᠨᠡᠷᠡᠰ ᠤᠨ | ᠵᠢᠭᠰᠠᠭᠠᠯᠲᠠ ᠶᠢ ᠳᠡᠯᠭᠡᠷᠡᠭᠦᠯᠬᠦ ᠪᠠ ︽ᠠᠷᠠᠳ ᠲᠤ ᠠᠰᠢᠭ ᠬᠦᠷᠲᠡᠭᠡᠵᠦ ᠴᠡᠯᠡᠭᠡᠷ ᠲᠠᠯ᠎ᠠ ᠶᠢᠨ ᠦᠨᠦᠷ ᠠᠮᠲᠠ ᠶᠢ | ᠠᠮᠲᠠᠯᠠᠬᠤ︾ ᠭᠤᠤᠯ ᠰᠡᠳᠦᠪᠲᠦ ᠡᠳᠦᠷ ᠵᠡᠷᠭᠡ ᠠᠵᠢᠯᠯᠠᠭ᠎ᠠ ᠶᠢ ᠵᠠᠯᠭᠠᠪᠠᠷ ᠥᠷᠨᠢᠭᠦᠯᠵᠡᠶ᠃ ᠪᠤᠳᠠᠰ ᠤᠨ ᠪᠤᠰᠤ | ᠰᠤᠶᠤᠯ ᠤᠨ ᠦᠪ ᠤᠨ ᠵᠠᠯᠭᠠᠮᠵᠢᠯᠠᠭᠴᠢ ᠠᠬᠤᠢ ᠲᠠᠯᠠᠪᠠᠢ ᠳᠤ1000 ᠭᠠᠷᠤᠶ ᠵᠥᠢᠯ ᠤᠨ ᠠᠮᠲᠠᠲᠤ ᠢᠳᠡᠭᠡᠨ ᠢ | ᠦᠢᠯᠡᠳᠤᠨ ᠳᠡᠯᠭᠡᠨ ᠦᠵᠡᠭᠦᠯᠵᠡᠶ᠃ ᠣᠷᠣᠨ ᠤ ᠳᠣᠲᠣᠷ᠎ᠠ ᠭᠠᠳᠠᠨᠠᠬᠢ ᠲᠤᠭᠤᠭᠠᠴᠢ ᠶᠡᠭᠡ ᠪᠠᠭᠰᠢ᠂ ᠭᠤᠯᠢᠷ | ᠬᠤᠭᠤᠯᠠᠨ ᠤ ᠶᠡᠭᠡ ᠪᠠᠭᠰᠢ᠂ ᠨᠡᠷᠡᠲᠦ ᠤᠳᠤᠷᠢᠳᠤᠭᠠᠴᠢ᠂ ᠵᠣᠬᠢᠶᠠᠯᠴᠢ᠂ ᠠᠷᠠᠳ ᠤᠨ ᠵᠠᠩ ᠦᠢᠯᠡᠴᠢ᠂ ᠰᠣᠶᠣᠯ | ᠵᠤᠭᠠᠴᠠᠯ ᠤᠨ ᠲᠤᠰᠬᠠᠶ ᠮᠡᠷᠭᠡᠵᠢᠯᠲᠡᠨ᠂ ᠨᠡᠷ᠎ᠡ ᠲᠥᠷᠥ ᠲᠠᠢ ᠵᠠᠭᠤᠴᠢᠯᠠᠭᠤᠷᠴᠢ᠂ ᠰᠦᠯᠵᠢᠶᠡᠨ ᠤ ᠨᠡᠷᠡᠳᠤ | ᠤᠷᠠᠯᠢᠭᠴᠢᠨ᠂ ᠨᠡᠷᠡᠲᠦ ᠳᠠᠭᠤᠴᠢᠨ᠂ ᠬᠥᠲᠥᠯᠥᠭᠴᠢ ᠲᠤᠬᠠᠶ ᠶᠢᠨ ᠲᠠᠯᠠᠪᠤᠷ ᠲᠤ ᠢᠷᠡᠵᠦ ᠬᠦᠷ ᠨᠡᠮᠡᠨ᠂ ᠪᠦᠬᠦ | ᠶᠠᠪᠤᠴᠠ ᠳᠤ ᠴᠡᠯᠡᠭᠡᠷ ᠲᠠᠯ᠎ᠠ ᠠᠮᠲᠠᠲᠤ ᠢᠳᠡᠭᠡᠨ ᠢ ᠤᠬᠠᠭᠤᠯᠪᠠ᠃ | ᠬᠠᠮᠤᠭ ᠡᠴᠦᠰ ᠲᠤ ᠥᠪᠥᠷ ᠮᠣᠩᠭᠤᠯ ᠤᠨ ᠢᠳᠡᠭᠡᠨ ᠤᠮᠳᠠᠭᠠᠨ ᠠᠮᠲᠠᠲᠤ ᠢᠳᠡᠭᠡᠨ ᠤ ᠨᠡᠶᠢᠭᠡᠮᠯᠢᠭ᠂ ᠥᠪᠥᠷ | ᠮᠣᠩᠭᠤᠯ ᠤᠨ ᠵᠤᠭᠠᠴᠠᠯ ᠢᠳᠡᠭᠡᠨ ᠤᠮᠳᠠᠭᠠᠨ ᠤ ᠨᠡᠶᠢᠭᠡᠮᠯᠢᠭ᠂ ᠥᠪᠥᠷ ᠮᠣᠩᠭᠤᠯ ᠤᠨ ᠮᠣᠩᠭᠤᠯ ᠦᠨᠳᠦᠰᠦᠲᠡᠨ ᠤ | ᠢᠳᠡᠭᠡᠨ ᠤᠮᠳᠠᠭᠠᠨ ᠤ ᠰᠣᠶᠣᠯ ᠤᠨ ᠨᠡᠶᠢᠭᠡᠮᠯᠢᠭ᠂ ᠬᠥᠬᠡᠬᠤᠲᠠ ᠶᠢᠨ ᠪᠣᠳᠠᠰ ᠤᠨ ᠪᠤᠰᠤ ᠰᠣᠶᠣᠯ ᠤᠨ ᠥᠪ ᠢ | ᠬᠠᠮᠠᠭᠠᠯᠠᠨ ᠠᠬᠢᠭᠤᠯᠬᠤ ᠡᠪᠯᠡᠯ᠂ ᠬᠥᠬᠡᠬᠤᠲᠠ ᠶᠢᠨ ᠴᠡᠯᠡᠭᠡᠷ ᠮᠥᠷᠡᠨ ᠤ ᠰᠣᠶᠣᠯ ᠵᠤᠭᠠᠴᠠᠯ ᠤᠨ ᠪᠦᠲᠦᠭᠡᠯᠴᠢ | ᠰᠡᠳᠬᠢᠮᠵᠢ ᠶᠢᠨ ᠲᠥᠪ ᠵᠡᠷᠭᠡ ᠨᠡᠶᠢᠭᠡᠮ ᠤᠨ ᠵᠣᠬᠢᠶᠠᠨ ᠪᠠᠶᠢᠭᠤᠯᠤᠯᠲᠠ ᠠᠴᠠ ᠠᠵᠢᠯ ᠲᠥᠷᠥᠯ ᠤᠨ ᠬᠢᠨ ᠤ ᠰᠠᠨᠠᠯ᠂ | ᠰᠠᠨᠠᠭᠤᠯᠭ᠎ᠠ ᠶᠢ ᠥᠷᠭᠡᠨ ᠢᠶᠠᠷ ᠬᠤᠷᠢᠶᠠᠵᠤ᠂ ᠲᠦᠮᠡ ᠭᠠᠷᠤᠶ ᠵᠤᠭᠠᠴᠠᠭᠴᠢ ᠶᠢᠨ ᠦᠨᠡᠯᠡᠯᠲᠡ ᠪᠠᠷ ᠳᠠᠮᠵᠢᠨ᠂ ︽ | ᠴᠡᠯᠡᠭᠡᠷ ᠲᠠᠯ᠎ᠠ ᠠᠮᠲᠠᠳᠤ ᠢᠳᠡᠭᠡᠨ ᠤ ᠨᠡᠷᠡᠲᠦ ᠲᠡᠮᠳᠡᠭ ᠢ ᠲᠠᠨᠢᠯᠴᠠᠭᠤᠯᠬᠤ ᠲᠤᠰᠢᠶᠠᠯᠲᠠᠨ︾᠂ ᠲᠤᠰᠬᠠᠶ | ᠮᠡᠷᠭᠡᠵᠢᠯᠲᠡᠨ ᠠᠴᠠ ᠲᠠᠨᠢᠯᠴᠠᠭᠤᠯᠬᠤ ᠶᠢᠨ ᠬᠠᠮᠲᠤ᠂ ᠲᠡᠦᠬᠡᠨ ᠰᠤᠳᠤᠷ ᠪᠢᠴᠢᠭ ᠤᠨ ᠮᠠᠲ᠋ᠧᠷᠢᠶᠠᠯ ᠲᠠᠢ ᠬᠠᠷᠭᠤᠭᠤᠯᠤᠨ | ᠪᠠᠶᠢᠵᠦ᠂ 45 ᠵᠦᠶ᠋ᠯ ᠤᠨ ︽ᠴᠡᠯᠡᠭᠡᠷ ᠲᠠᠯ᠎ᠠ︾ ᠶᠢᠨ ᠨᠠᠷᠠᠲᠤ ᠨᠣᠭᠤᠭ᠎ᠠ᠂ ᠨᠠᠷᠠᠲᠤ ᠭᠤᠯᠢᠷ ᠢᠳᠡᠭᠡᠨ᠂ ᠨᠠᠷᠠᠲᠤ | ᠵᠢᠵᠢᠭ ᠢᠳᠡᠭᠡᠨ ᠢ ᠰᠤᠩᠭᠤᠨ ᠭᠠᠷᠭᠠᠵᠤ᠂ ︽ᠴᠡᠯᠡᠭᠡᠷ ᠲᠠᠯ᠎ᠠ︾ ᠶᠢᠨ ᠠᠮᠲᠠᠲᠤ ᠢᠳᠡᠭᠡᠨ ᠢ ᠳᠡᠯᠭᠡᠷᠡᠭᠦᠯᠬᠦ | ᠨᠡᠷᠡᠰ ᠲᠤ ᠵᠢᠭᠰᠠᠭᠠᠪᠠ᠃ ᠪᠤᠭᠤᠳᠠᠢ᠂ ᠬᠤᠨᠢᠨ ᠮᠢᠬ᠎ᠠ᠂ ᠴᠣᠨᠤᠭ᠂ ᠦᠴᠤᠸᠠᠨ ᠤ ᠶᠤᠤᠮᠠᠢ ᠶᠢᠨ ᠭᠤᠯᠢᠷ᠂ ᠾᠧ | ᠯᠢᠨ ᠤ ᠴᠢᠨᠠᠭᠰᠠᠨ ᠬᠤᠨᠢᠨ ᠮᠢᠬ᠎ᠠ᠂ ᠲᠤᠭᠲᠠᠬᠤ ᠰᠢᠶᠠᠨ ᠤ ᠴᠢᠨᠠᠭᠰᠠᠨ ᠵᠢᠭᠠᠰᠤ᠂ ᠰᠢᠷᠠᠭᠰᠠᠨ ᠵᠣᠷ᠂ ᠲᠣᠰᠣᠨ ᠳᠤ | ᠬᠠᠭᠠᠷᠢᠭᠰᠠᠨ ᠪᠣᠣᠪᠤ᠂ ᠵᠢᠩᠨᠡᠭᠰᠡᠨ ᠦᠬᠡᠷ ᠤᠨ ᠮᠢᠬ᠎ᠠ᠂ ᠪᠤᠴᠠᠯᠭᠠᠭᠰᠠᠨ ᠰᠢᠨᠠᠭ᠎ᠠ ᠶᠢᠨ ᠭᠤᠯᠢᠷ ᠢ ︽ᠥᠪᠥᠷ | ᠮᠣᠩᠭᠤᠯ ᠤᠨ ᠠᠮᠳᠠᠳᠤ ᠢᠳᠡᠭᠡᠨ︾ ︽ᠬᠥᠬᠡᠬᠤᠲᠠ ᠶᠢᠨ ︿ᠠᠷᠪᠠᠨ ᠠᠮᠲᠠ﹀ ᠠᠮᠲᠠᠲᠤ ᠢᠳᠡᠭᠡᠨ︾ ᠭᠡᠵᠦ | ᠰᠤᠩᠭᠤᠨ ᠭᠠᠷᠭᠠᠵᠠᠢ ᠃ ︵ᠰᠤᠷᠪᠤᠯᠵᠢᠯᠠᠭᠴᠢ ᠬᠤᠸᠠᠩ ᠹᠦ᠋ ᠰᠢᠤ ᠯᠢᠩ︶ | http://mongol.people.com.cn/15826326.html |