ᠬᠤᠷᠢᠨᠭᠡᠷ ᠰᠢᠶᠠᠨ ᠡᠮᠡᠭᠲᠡᠶᠢᠴᠦᠳ ᠬᠡᠤᠬᠡᠳ ᠤᠨ ᠠᠵᠢᠯ ᠤᠨ ᠵᠥᠪᠯᠡᠯ ᠤᠨ ᠬᠤᠷᠠᠯ ᠬᠤᠷᠠᠯᠳᠤᠭᠤᠯᠪᠠ
ᠨᠡᠶᠢᠲᠡᠯᠡᠭᠰᠡᠨ ᠴᠠᠭ᠄
2020/10/13
     10 ᠳ᠋ᠤᠭᠠᠷ ᠰᠠᠷ᠎ᠠ ᠶᠢᠨ 10 ᠤ ᠦᠳᠡ ᠶᠢᠨ ᠬᠤᠶᠢᠨ᠎ᠠ᠂ ᠬᠤᠷᠢᠨᠭᠡᠷ ᠰᠢᠶᠠᠨ ᠤ ᠡᠮᠡᠭᠲᠡᠶᠢᠴᠦᠳ ᠬᠡᠤᠬᠡᠳ ᠤᠨ ᠠᠵᠢᠯ ᠤᠨ ᠵᠥᠪᠯᠡᠯ ᠨᠠᠮ ᠵᠠᠰᠠᠭ ᠤᠨ ᠠᠯᠪᠠᠨ ᠠᠰᠠᠷ ᠤᠨ 401 ᠬᠤᠷᠠᠯ ᠤᠨ ᠭᠡᠷ ᠲᠤ ᠬᠤᠷᠠᠯ ᠬᠤᠷᠠᠯᠳᠤᠭᠤᠯᠪᠠ᠃ ᠰᠢᠶᠠᠨ ᠤ ᠳᠡᠳ᠋ ᠳᠠᠷᠤᠭ᠎ᠠ᠂ ᠰᠢᠶᠠᠨ ᠤ ᠡᠮᠡᠭᠲᠡᠶᠢᠴᠦᠳ ᠬᠡᠦᠬᠡᠳ ᠤᠨ ᠠᠵᠢᠯ ᠤᠨ ᠵᠥᠪᠯᠡᠯ ᠤᠨ ᠡᠷᠬᠢᠯᠡᠭᠴᠢ ᠾᠧ ᠹᠧᠩ ᠬᠤᠷᠠᠯ ᠳᠤ ᠣᠷᠣᠯᠴᠠᠵᠤ᠂ ᠵᠣᠬᠢᠶᠠᠨ ᠪᠠᠶᠢᠭᠤᠯᠬᠤ ᠬᠡᠯᠲᠡᠰ᠂ ᠤᠬᠠᠭᠤᠯᠬᠤ ᠬᠡᠯᠲᠡᠰ᠂ ᠡᠮᠡᠭᠲᠡᠶᠢᠴᠦᠳ ᠤᠨ ᠬᠤᠯᠪᠤᠭ᠎ᠠ᠂ ᠵᠠᠰᠠᠭ ᠤᠨ ᠣᠷᠳᠣᠨ ᠤ ᠠᠯᠪᠠᠨ ᠭᠡᠷ ᠵᠡᠷᠭᠡ ᠬᠤᠯᠪᠣᠭᠳᠠᠯ ᠪᠦᠬᠦᠢ ᠨᠢᠭᠡᠴᠡ ᠶᠢᠨ ᠬᠠᠷᠢᠭᠤᠴᠠᠯᠭᠠᠲᠠᠨ᠂ ᠡᠯ᠎ᠡ ᠰᠢᠶᠠᠩ ᠪᠠᠯᠭᠠᠰᠤᠨ ᠤ ᠬᠤᠪᠢᠳᠠᠨ ᠬᠠᠮᠢᠶᠠᠷᠴᠣ ᠪᠦᠬᠦᠢ ᠳᠡᠳ᠋ ᠱᠦᠵᠢ᠂ ᠠᠵᠤ ᠠᠬᠤᠢ ᠮᠡᠷᠭᠡᠵᠢᠯ ᠤᠨ ᠨᠡᠭᠡᠭᠡᠯᠲᠡ ᠶᠢᠨ ᠲᠣᠭᠤᠷᠢᠭ ᠤᠨ ᠬᠠᠮᠢᠶᠠᠷᠤᠯᠲᠠ ᠶᠢᠨ ᠵᠥᠪᠯᠡᠯ ᠤᠨ ᠳᠡᠳ᠋ ᠡᠷᠬᠢᠯᠡᠭᠴᠢ ᠬᠤᠷᠠᠯ ᠳᠤ ᠣᠷᠣᠯᠴᠠᠪᠠ᠃      ᠬᠤᠷᠠᠯ ᠠᠴᠠ ᠬᠥᠬᠡᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠡᠮᠡᠭᠲᠡᠶᠢᠴᠦᠳ ᠬᠡᠤᠬᠡᠳ ᠤᠨ ᠠᠵᠢᠯ ᠤᠨ ᠵᠥᠪᠯᠡᠯ ᠤᠨ ᠠᠯᠪᠠᠨ ᠬᠡᠷ ᠠᠴᠠ ᠪᠠᠭᠤᠯᠭᠠᠭᠰᠠᠨ ᠰᠠᠯᠠᠭ᠎ᠠ ᠮᠥᠴᠢᠷ ᠤᠨ ᠡᠭᠦᠷᠭᠡ ᠬᠠᠷᠢᠭᠤᠴᠠᠯᠭ᠎ᠠ᠂ ᠠᠵᠢᠯ ᠤᠨ ᠭᠤᠣᠯᠳᠠᠯᠭ᠎ᠠ ᠶᠢ ᠤᠯᠠᠮ ᠨᠢᠭᠡ ᠠᠯᠬᠤᠮ ᠲᠣᠳᠣᠷᠬᠠᠶᠢᠯᠠᠭᠰᠠᠨ ︽ᠬᠥᠬᠡᠬᠤᠲᠠ ᠶᠢᠨ ᠡᠮᠡᠭᠲᠡᠶᠢᠴᠦᠳ ᠬᠡᠤᠬᠡᠳ ᠤᠨ ᠬᠥᠭᠵᠢᠯᠲᠡ ᠶᠢᠨ ᠬᠥᠲᠥᠯᠪᠦᠷᠢ ︵2011 — 2020 ᠣᠨ︶︾ ᠶᠢᠨ ᠬᠠᠷᠠᠯᠲᠠ ᠡᠭᠦᠷᠭᠡ ᠶᠢ ᠪᠥᠬᠦ ᠬᠦᠴᠦᠨ ᠢᠶᠠᠷ ᠢᠶᠠᠨ ᠪᠡᠶᠡᠯᠡᠭᠦᠯᠬᠦ ᠲᠤᠬᠠᠶ ᠮᠡᠳᠡᠭᠳᠡᠯ ᠢ ᠤᠯᠠᠮᠵᠢᠯᠠᠪᠠ᠃      ᠾᠧ ᠹᠧᠩ ᠵᠢᠭᠠᠵᠤ ᠭᠠᠷᠭᠠᠭᠰᠠᠨ ᠨᠢ᠂ ᠲᠤᠰ ᠡᠭᠡᠯᠵᠢ ᠶᠢᠨ ᠥᠪᠡᠷᠲᠡᠭᠡᠨ ᠵᠠᠰᠠᠬᠤ ᠣᠷᠣᠨ ᠤ ᠡᠮᠡᠭᠲᠡᠶᠢᠴᠦᠳ ᠬᠡᠤᠬᠡᠳ ᠤᠨ ᠬᠥᠭᠵᠢᠯᠲᠡ ᠶᠢᠨ ᠬᠦᠲᠦᠯᠪᠦᠷᠢ ᠶᠢᠨ ᠪᠠᠷᠢᠮᠵᠢᠶ᠎ᠠ ᠳᠤ ᠬᠦᠷᠬᠦ ᠪᠠᠷ ᠵᠢᠱᠢᠭᠰᠡᠨ ᠨᠠᠢᠮᠠᠨ ᠭᠦᠢᠴᠡᠳᠬᠡᠯ ᠲᠤᠭ᠎ᠠ ᠳᠤ ᠴᠢᠭᠯᠡᠭᠦᠯᠦᠨ᠂ ᠡᠯ᠎ᠡ ᠨᠢᠭᠡᠴᠡ ᠤᠯᠤᠰ ᠲᠥᠷᠥ ᠶᠢᠨ ᠵᠣᠭᠰᠣᠴᠠ ᠪᠠᠨ ᠦᠨᠡᠨᠬᠦ ᠳᠡᠭᠡᠭᠰᠢᠯᠡᠭᠦᠯᠵᠦ᠂ ᠡᠭᠦᠷᠭᠡ ᠬᠠᠷᠢᠭᠤᠴᠠᠯᠭ᠎ᠠ ᠶᠢᠨ ᠢᠲᠡᠭᠡᠯ ᠵᠣᠷᠢᠭ ᠢᠶᠠᠨ ᠪᠠᠲᠤᠳᠬᠠᠵᠤ᠂ ᠬᠠᠷᠢᠭᠤᠴᠠᠯᠭᠠᠲᠤ ᠤᠬᠠᠮᠰᠠᠷ ᠢᠶᠠᠨ ᠴᠢᠩᠭᠠᠳᠬᠠᠵᠤ᠂ ᠠᠵᠢᠯ ᠤᠨ ᠰᠢᠨᠵᠢ ᠴᠢᠨᠠᠷ ᠢ ᠴᠢᠬᠤᠯᠠᠴᠢᠯᠠᠬᠤ ᠬᠡᠷᠡᠭᠲᠡᠢ︔ ᠠᠵᠢᠯ ᠤᠨ ᠬᠠᠷᠢᠭᠤᠴᠠᠯᠭ᠎ᠠ ᠪᠠᠨ ᠲᠣᠳᠣᠷᠬᠠᠶᠢᠯᠠᠵᠤ᠂ ︽ᠭᠠᠷ ᠳᠠᠮᠵᠢᠭᠰᠠᠭᠠᠷ ᠬᠠᠷᠢᠭᠤᠴᠠᠯᠭ᠎ᠠ᠂ ᠵᠠᠶᠢᠯᠠᠭᠤᠯᠵᠤ ᠪᠣᠯᠤᠰᠢ ᠥᠬᠡᠶ ᠬᠠᠷᠢᠭᠤᠴᠠᠯᠭ᠎ᠠ ᠡᠭᠦᠷᠭᠡᠯᠡᠬᠦ︾ ᠠᠵᠢᠯ ᠤᠨ ᠬᠠᠷᠢᠭᠤᠴᠠᠯᠭ᠎ᠠ ᠶᠢᠨ ᠢᠲᠡᠭᠡᠯ ᠢᠶᠠᠨ ᠪᠠᠲᠤᠳᠬᠠᠬᠤ ᠬᠡᠷᠡᠭᠲᠡᠶ︔ ᠪᠦᠯᠬᠦᠮᠳᠡᠨ ᠬᠠᠮᠲᠤᠷᠠᠯᠴᠠᠵᠤ᠂ ᠬᠠᠷᠢᠯᠴᠠᠨ ᠬᠠᠮᠵᠢᠯᠴᠠᠵᠤ᠂ ᠲᠤᠭ᠎ᠠ ᠪᠠᠷᠢᠮᠲᠠ ᠶᠢᠨ ᠮᠡᠳᠡᠭᠡ ᠵᠠᠩᠭᠢ ᠶᠢ ᠬᠠᠮᠲᠤ ᠪᠠᠷ ᠡᠳ᠋ᠯᠡᠵᠦ᠂ ᠴᠡᠭᠴᠡᠯᠡᠨ ᠰᠠᠶᠢᠵᠢᠷᠠᠭᠤᠯᠬᠤ ᠰᠠᠨᠠᠯ ᠢ ᠨᠠᠷᠢᠨ ᠬᠢᠨᠠᠮᠠᠭᠠᠢ ᠨᠠᠶᠢᠳᠠᠪᠣᠷᠢᠵᠢᠭᠤᠯᠵᠤ᠂ ᠪᠦᠬᠦ ᠬᠤᠲᠠ ᠶᠢᠨ ᠬᠢᠨᠠᠨ ᠪᠠᠶᠢᠴᠠᠭᠠᠵᠤ ᠰᠢᠯᠭᠠᠨ ᠠᠪᠬᠤ ᠠᠵᠢᠯ ᠢ ᠤᠭᠲᠤᠬᠤ ᠳᠤ ᠪᠡᠯᠡᠳᠬᠡᠯ ᠬᠢᠬᠦ ᠬᠡᠷᠡᠭᠲᠡᠢ ᠭᠡᠪᠡ᠃
 
ᠢᠷᠡᠯᠲᠡ᠄ ᠬᠤᠷᠢᠨᠭᠡᠷ ᠰᠢᠶᠠᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号