ᠬᠤᠨᠢᠨ ᠤ ᠬᠠᠯᠳᠠᠪᠤᠷᠢᠲᠤ ᠴᠢᠨᠠᠷᠲᠠᠢ ᠢᠳᠡᠭᠡᠲᠦ ᠴᠥᠪᠥᠷᠢᠭᠦᠲᠦ ᠡᠪᠡᠳᠴᠢᠨ ᠵᠢᠴᠢ ᠲᠡᠭᠦᠨ ᠤ ᠰᠡᠷᠭᠡᠶᠢᠯᠡᠯᠲᠡ
ᠨᠡᠶᠢᠲᠡᠯᠡᠭᠰᠡᠨ ᠴᠠᠭ᠄
2019-09-26
     ᠪᠠᠰᠠ ᠬᠤᠨᠢ ᠢᠮᠠᠭᠠᠨ ᠤ ᠠᠮᠠᠷᠠᠤ ᠭᠡᠳᠡᠭ᠃ ᠬᠠᠯᠳᠠᠪᠤᠷᠢᠲᠤ ᠴᠢᠨᠠᠷᠲᠠᠢ ᠢᠳᠡᠭᠡᠲᠦ ᠴᠥᠪᠥᠷᠢᠭᠦᠦ ᠶᠢᠨ ᠸᠢᠷᠦ᠋ᠰ ᠠᠴᠠ ᠡᠭᠦᠰᠴᠦ᠂ ᠬᠤᠷᠠᠭ᠎ᠠ ᠢᠰᠢᠭᠡᠨ ᠳᠤ ᠣᠯᠠᠨ ᠡᠭᠦᠰᠳᠡᠭ᠃ ᠠᠮᠠᠨ ᠬᠥᠨᠳᠡᠢ᠂ ᠤᠷᠤᠭᠤᠯ ᠤᠨ ᠬᠡᠰᠡᠭ ᠤᠨ ᠠᠷᠠᠰᠤ ᠪᠠ ᠰᠠᠯᠢᠰᠤᠲᠤ ᠪᠦᠷᠬᠦᠪᠴᠢ ᠳᠤ ᠡᠰᠡᠷᠭᠡᠨ᠎ᠡ ᠡᠭᠦᠰᠴᠦ᠂ ᠢᠳᠡᠭᠡᠲᠦ ᠴᠥᠪᠥᠷᠢᠭᠦᠦ᠂ ᠰᠢᠷᠬᠠᠯᠠᠭ᠎ᠠ ᠡᠭᠦᠰᠴᠦ᠂ ᠳᠠᠪᠠᠭᠠᠰᠤᠷᠠᠨ᠎ᠠ᠃ ᠤᠷᠤᠭᠤᠯ ᠤᠨ ᠬᠡᠯᠪᠡᠷᠢ᠂ ᠲᠤᠭᠤᠷᠠᠢ ᠶᠢᠨ ᠬᠡᠯᠪᠡᠷᠢ ᠪᠠ ᠭᠠᠳᠠᠷ ᠪᠡᠯᠭᠡ ᠶᠢᠨ ᠬᠡᠯᠪᠡᠷᠢ ᠭᠡᠵᠦ 3 ᠵᠦᠢᠯ ᠬᠤᠪᠢᠶᠠᠨ᠎ᠠ᠃ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ᠄ ᠡᠩ ᠲᠡᠷᠢᠭᠦᠨ ᠳᠤ ᠡᠪᠡᠳᠴᠢᠲᠡᠢ ᠬᠤᠨᠢ ᠶᠢ ᠲᠤᠰᠠᠭᠠᠷᠯᠠᠵᠤ᠂ ᠬᠠᠰᠢᠶ᠎ᠠ ᠰᠠᠷᠠᠪᠴᠢ ᠶᠢ ᠠᠷᠢᠭᠤᠳᠬᠠᠬᠤ ᠠᠵᠢᠯ ᠢ ᠰᠠᠶᠢᠲᠤᠷ ᠬᠢᠨ᠎ᠡ᠃ ᠡᠮᠴᠢᠯᠡᠨ ᠵᠠᠰᠠᠬᠤ ᠳᠠᠭᠠᠨ ᠲᠡᠪ ᠢ ᠨᠢ ᠠᠪᠴᠤ ᠬᠠᠶᠠᠨ ᠢᠥᠳ᠋ᠲᠦ ᠭᠯᠢᠼᠧᠷᠢᠨ ᠲᠦᠷᠬᠢᠨ᠎ᠡ᠃ ᠠᠮᠠᠨ ᠬᠥᠨᠳᠡᠢ ᠶᠢᠨ ᠰᠢᠷᠬᠠᠯᠠᠭ᠎ᠠ ᠪᠠᠶᠢᠪᠠᠯ᠂ 0.1% - 0.2% ᠤᠨ ᠳᠡᠭᠡᠳᠦ ᠮᠠᠩᠭᠠᠨ ᠬᠦᠴᠢᠯ ᠤᠨ ᠺᠠᠯᠢ ᠶᠢᠨ ᠠᠭᠤᠰᠤᠮᠠᠯ ᠪᠤᠶᠤ ᠹᠢᠽᠢᠣᠯᠣᠭᠢ ᠶᠢᠨ ᠳᠠᠪᠤᠰᠤᠨ ᠠᠭᠤᠰᠤᠮᠠᠯ ᠢᠶᠠᠷ ᠰᠢᠷᠬᠠᠯᠠᠭ᠎ᠠ ᠶᠢ ᠤᠬᠢᠶᠠᠵᠤ᠂ ᠳᠡᠭᠡᠷ᠎ᠡ ᠨᠢ ᠪᠢᠩ ᠫᠧᠩ ᠰᠠᠨ ᠪᠤᠶᠤ ᠴᠢᠩ ᠳ᠋ᠠᠢ ᠰᠠᠨ ᠲᠦᠷᠬᠢᠨ᠎ᠡ᠃ ᠡᠳᠦᠷ ᠪᠦᠷᠢ 2 ᠤᠳᠠᠭ᠎ᠠ᠂ ᠵᠠᠯᠭᠠᠭᠠᠳ ᠨᠢᠭᠡ ᠭᠠᠷᠠᠭ ᠬᠡᠷᠡᠭᠯᠡᠨ᠎ᠡ᠃ ᠪᠠᠭᠠᠯᠵᠤᠤᠷ  ᠦᠷᠪᠢᠰᠦᠯ ᠪᠠ ᠠᠭᠤᠰᠬᠢᠨ ᠦᠷᠪᠢᠰᠦᠯ ᠡᠭᠦᠰᠪᠡᠯ ᠴᠢᠩ ᠮᠧᠢ ᠰᠤ᠋ 40 ᠲᠦᠮᠡᠨ - 100 ᠲᠦᠮᠡᠨ ᠳᠡᠯᠡᠬᠡᠢ ᠨᠡᠶᠢᠲᠡ ᠤ ᠨᠢᠭᠡᠴᠢ ᠶᠢ ᠪᠣᠯᠴᠢᠩ ᠳᠤ ᠲᠠᠷᠢᠨ ᠡᠮᠨᠡᠨ ᠵᠠᠰᠠᠨ᠎ᠠ᠃ ᠪᠠᠰᠠ ᠭᠤᠷᠪᠠᠨ ᠰᠢᠷ᠎ᠠ ᠲᠠᠯᠬ᠎ᠠ ᠪᠠ ᠰᠢᠷ᠎ᠠ ᠲᠠᠩ ᠢ ᠪᠣᠷᠳᠤᠭ᠎ᠠ ᠳᠤᠨᠢ ᠬᠤᠯᠢᠵᠤ ᠲᠡᠵᠢᠭᠡᠨ᠂ ᠬᠠᠪᠰᠤᠷᠭᠠᠨ ᠵᠠᠰᠠᠵᠤ ᠪᠣᠯᠣᠨ᠎ᠠ᠂ ᠡᠮ ᠬᠡᠷᠡᠭᠯᠡᠬᠦ ᠬᠡᠮᠵᠢᠶ᠎ᠡ ᠨᠢ ᠬᠤᠨᠢ ᠪᠦᠷᠢ 20 - 50g᠂ ᠵᠠᠯᠭᠠᠭᠠᠳ 3 - 5 ᠡᠳᠦᠷ ᠬᠡᠷᠡᠭᠯᠡᠪᠡᠯ ᠪᠣᠯᠴᠢᠬᠠᠨ᠎ᠠ᠃
 
ᠢᠷᠡᠯᠲᠡ᠄ ᠥᠪᠥᠷ ᠮᠣᠩᠭᠤᠯ ᠤᠨ ᠮᠠᠯ ᠠᠵᠤ ᠠᠬᠤᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号