ᠬᠤᠨᠢᠨ ᠤ ᠤᠷᠭᠢᠨᠴᠠᠷ ᠪᠠᠺᠲ᠋ᠧᠷᠢᠲᠦ ᠡᠪᠡᠳᠴᠢᠨ ᠵᠢᠴᠢ ᠲᠡᠭᠦᠨ ᠤ ᠰᠡᠷᠭᠡᠶᠢᠯᠡᠯᠲᠡ
ᠨᠡᠶᠢᠲᠡᠯᠡᠭᠰᠡᠨ ᠴᠠᠭ᠄
2019-09-20
     ᠬᠤᠨᠢᠨ ᠤ ᠤᠷᠭᠢᠨᠴᠠᠷ ᠪᠠᠺᠲ᠋ᠧᠷᠢ ᠨᠢ ᠭᠤᠣᠯᠳᠠᠭᠤ ᠬᠤᠨᠢᠨ ᠤ ᠲᠦᠷᠭᠡᠨ ᠬᠢᠵᠢᠭ᠂ ᠬᠤᠨᠢᠨ ᠤ ᠴᠣᠴᠢᠮᠠᠭ ᠦᠬᠦᠯ᠂ ᠬᠤᠨᠢᠨ ᠭᠡᠳᠡᠰᠦᠨ ᠤ ᠴᠢᠰᠤᠨ ᠬᠤᠣᠷᠳᠠᠯᠭ᠎ᠠ᠂ ᠬᠤᠨᠢᠨ ᠤ ᠬᠠᠷ᠎ᠠ ᠬᠢᠵᠢᠭ ᠪᠠ ᠬᠤᠷᠠᠭᠠᠨ ᠤ ᠴᠢᠴᠠᠭ᠎ᠠ ᠵᠡᠷᠭᠡ 5 ᠵᠦᠢᠯ ᠤᠨ ᠡᠪᠡᠳᠴᠢᠨ ᠢ ᠡᠭᠦᠰᠬᠡᠳᠡᠭ᠃ ᠬᠤᠨᠢᠨ ᠭᠡᠳᠡᠰᠦᠨ ᠤ ᠴᠢᠰᠤᠨ ᠬᠤᠣᠷᠳᠠᠯᠭ᠎ᠠ ᠨᠢ ᠣᠯᠠᠨ ᠡᠭᠦᠰᠳᠡᠭ᠃ ᠡᠶᠢᠮᠦᠷᠬᠦᠦ ᠡᠪᠡᠳᠴᠢᠨ ᠤ ᠡᠭᠦᠰᠦᠯᠲᠡ ᠨᠢ ᠭᠡᠨᠡᠳᠲᠡ ᠶᠢᠨ᠂ ᠡᠪᠡᠳᠴᠢᠨ ᠤ ᠶᠠᠪᠤᠴᠠ ᠨᠢ ᠪᠠᠴᠢᠮ ᠪᠠᠶᠢᠵᠤ᠂ ᠶᠡᠷᠦ ᠨᠢ ᠲᠠᠷᠭᠤ ᠰᠠᠶᠢᠲᠠᠢ ᠬᠤᠨᠢᠨ ᠳᠤ ᠡᠭᠦᠰᠳᠡᠭ᠃ ᠤᠷᠢᠳᠴᠢᠯᠠᠨ ᠰᠡᠷᠭᠡᠶᠢᠯᠡᠬᠦ ᠠᠷᠭ᠎ᠠ ᠬᠡᠮᠵᠢᠶ᠎ᠡ ᠨᠢ᠄ ᠡᠷᠡᠭᠦᠯ ᠬᠤᠨᠢ ᠪᠦᠬᠦᠨ ᠳᠤ ᠴᠥᠮ ᠠᠷᠠᠰᠤᠨ ᠳᠣᠣᠷ᠎ᠠ ᠪᠤᠶᠤ ᠪᠤᠯᠴᠢᠩ ᠳᠤ 5ml ᠬᠤᠨᠢᠨ ᠤ ᠣᠷᠬᠢᠨᠴᠠᠷ ᠪᠠᠺᠲ᠋ᠧᠷᠢ ᠶᠢᠨ ᠸᠠᠺᠽᠢᠨ ᠲᠠᠷᠢᠨ᠎ᠠ ︵ᠬᠡᠷᠡᠭᠯᠡᠬᠦ ᠳᠡᠭᠡᠨ ᠸᠠᠺᠽᠢᠨ ᠤ ᠲᠣᠳᠣᠷᠬᠠᠶᠢᠯᠠᠯᠲᠠ ᠶᠢᠨ ᠪᠢᠴᠢᠭ ᠢᠶᠠᠷ ᠯᠠᠪᠯᠠᠯᠲᠠ ᠪᠣᠯᠭᠠᠨ᠎ᠠ︶᠃ ᠡᠬᠡᠯᠢᠯᠡᠪᠦᠷᠢ ᠶᠢᠨ ᠬᠦᠴᠦᠨ ᠲᠠᠢ ᠬᠤᠭᠤᠴᠠᠭ᠎ᠠ ᠨᠢ 6 ᠰᠠᠷ᠎ᠠ᠂ ᠨᠢᠭᠡᠨᠲᠡ ᠡᠪᠡᠳᠴᠢᠨ ᠢᠯᠡᠷᠡᠭᠰᠡᠨ ᠬᠤᠨᠢᠨ ᠰᠦᠷᠦᠭ ᠲᠤ ᠬᠤᠸᠠᠩ ᠠᠨ ᠤ ᠲᠥᠷᠥᠯ ᠤᠨ ᠡᠮᠲᠦ ᠪᠣᠳᠠᠰ ᠢ ᠪᠤᠯᠴᠢᠩ ᠳᠤ ᠲᠠᠷᠢᠬᠤ ᠪᠠ ᠲᠡᠵᠢᠭᠡᠯ ᠪᠣᠷᠳᠣᠭᠠᠨ ᠳᠤᠨᠢ 2% ᠤᠨ ᠨᠡᠭᠦᠷᠡᠰᠦᠬᠦ᠋ᠴᠢᠯ ᠤᠨ ᠤᠰᠤᠲᠥ᠋ᠷᠥᠭᠴᠢᠲᠤ ᠨᠠᠲᠷᠢ ᠶᠢ ᠨᠡᠮᠡᠵᠦ ᠲᠦᠷᠭᠡᠨ ᠰᠡᠷᠭᠡᠶᠢᠯᠡᠨ ᠵᠠᠰᠠᠬᠤ ᠪᠣᠯᠣᠨ᠎ᠠ᠃
 
ᠢᠷᠡᠯᠲᠡ᠄ ᠥᠪᠥᠷ ᠮᠣᠩᠭᠤᠯ ᠤᠨ ᠮᠠᠯ ᠠᠵᠤ ᠠᠬᠤᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号