ᠱᠥᠯᠭᠦᠭᠡ ᠡᠪᠡᠳᠴᠢᠨ ᠪᠣᠯ ᠱᠥᠯᠭᠦᠭᠡ ᠡᠪᠡᠳᠴᠢᠨ ᠤ ᠸᠢᠷᠦ᠋ᠰ ᠠᠴᠠ ᠡᠭᠦᠰᠦᠭᠰᠡᠨ ᠲᠦᠷᠭᠡᠨ ᠴᠢᠨᠠᠷᠲᠠᠢ᠂ | ᠬᠠᠯᠠᠭᠤᠨ ᠴᠢᠨᠠᠷᠲᠠᠢ᠂ ᠳᠡᠭᠡᠳᠦ ᠬᠡᠮᠵᠢᠶᠡᠨ ᠤ ᠬᠦᠷᠦᠯᠴᠡᠬᠦ ᠴᠢᠨᠠᠷᠲᠠᠢ ᠬᠠᠯᠳᠠᠪᠤᠷᠢᠲᠤ ᠡᠪᠡᠳᠴᠢᠨ ᠪᠣᠯᠣᠨ᠎ᠠ᠃ | ᠭᠤᠣᠯ ᠢᠯᠡᠷᠡᠯ ᠨᠢ᠂ ᠡᠪᠡᠳᠴᠢᠲᠡᠢ ᠬᠤᠨᠢᠨ ᠤ ᠪᠡᠶ᠎ᠡ ᠶᠢᠨ ᠳᠤᠯᠠᠭᠠᠨ ᠳᠡᠭᠡᠭᠰᠢᠯᠡᠬᠦ᠂ ᠳᠣᠭᠤᠯᠳᠠᠬᠤ᠂ ᠢᠳᠡᠰᠢᠨ | ᠳᠤᠷᠠᠰᠢᠯ ᠮᠠᠭᠤᠳᠠᠬᠤ᠂ ᠴᠤᠭ ᠰᠦᠯᠳᠡ ᠦᠭᠡᠢ ᠪᠣᠯᠬᠤ᠃ ᠬᠤᠨᠢᠨ ᠳᠤ ᠣᠯᠠᠩᠬᠢ ᠳᠠᠭᠠᠨ ᠳᠥᠷᠪᠡᠨ ᠮᠥᠴᠢ ᠳᠤᠨᠢ | ᠣᠯᠠᠨ ᠤᠰᠤᠨ ᠴᠥᠪᠥᠷᠢᠭᠦᠦ ᠢᠯᠡᠷᠡᠵᠦ᠂ ᠢᠮᠠᠭᠠᠨ ᠳᠤ ᠪᠣᠯ ᠣᠯᠠᠩᠬᠢ ᠳᠠᠭᠠᠨ ᠠᠮᠠᠨ ᠬᠥᠨᠳᠡᠢ ᠳᠤᠨᠢ ᠤᠰᠤᠨ | ᠴᠥᠪᠥᠷᠢᠭᠦᠦ ᠢᠯᠡᠷᠡᠨ᠎ᠡ᠃ ᠲᠤᠰ ᠡᠪᠡᠳᠴᠢᠨ ᠢ ᠰᠡᠷᠭᠡᠶᠢᠯᠡᠬᠦ ᠭᠤᠣᠯ ᠠᠷᠭ᠎ᠠ ᠨᠢ ᠡᠬᠡᠯᠢᠯᠡᠪᠦᠷᠢ ᠶᠢᠨ ᠲᠠᠷᠢᠯᠭ᠎ᠠ ᠶᠢ | ᠬᠢᠬᠦ ᠪᠠ ᠬᠠᠰᠢᠶ᠎ᠠ ᠰᠠᠷᠠᠪᠴᠢ ᠶᠢᠨ ᠠᠷᠢᠭᠤᠳᠬᠠᠯ ᠤᠨ ᠠᠵᠢᠯ ᠢ ᠰᠠᠶᠢᠲᠤᠷ ᠬᠢᠬᠦ ᠶᠠᠪᠤᠳᠠᠯ ᠪᠣᠯᠣᠨ᠎ᠠ᠃ | ᠡᠬᠡᠯᠢᠯᠡᠪᠦᠷᠢ ᠶᠢᠨ ᠲᠠᠷᠢᠯᠭ᠎ᠠ ᠶᠢ ᠵᠢᠯ ᠪᠦᠷᠢ 2 ᠤᠳᠠᠭ᠎ᠠ ᠬᠢᠵᠦ᠂ ᠬᠤᠨᠢ ᠪᠦᠷᠢ ᠳᠤ 1ml ᠢ ᠪᠣᠯᠴᠢᠩ ᠳᠤᠨᠢ | ᠲᠠᠷᠢᠨ᠎ᠠ᠃ ᠡᠭᠦᠨ ᠳᠤ ᠬᠡᠭᠡᠯ ᠤᠨ ᠰᠡᠭᠦᠯᠴᠢ ᠶᠢᠨ ᠬᠤᠭᠤᠴᠠᠭᠠᠨ ᠳᠠᠬᠢ ᠡᠬᠡ ᠮᠠᠯ᠂ ᠰᠠᠶ᠋ᠢ ᠲᠥᠷᠥᠭᠰᠡᠨ ᠬᠤᠷᠠᠭ᠎ᠠ᠂ | ᠡᠪᠡᠳᠴᠢᠲᠡᠢ ᠬᠤᠨᠢ᠂ ᠰᠠᠶ᠋ᠢ ᠬᠤᠷᠠᠭᠠᠯᠠᠭᠰᠠᠨ ᠡᠮ᠎ᠡ ᠬᠤᠨᠢ ᠳᠤ ᠸᠠᠺᠼᠢᠨ ᠤ ᠲᠠᠷᠢᠯᠭ᠎ᠠ ᠶᠢ ᠲᠦᠷ ᠬᠤᠶᠢᠰᠢᠯᠠᠭᠤᠯᠬᠤ | ᠬᠡᠷᠡᠭᠲᠡᠢ᠃ ᠬᠡᠪᠴᠢᠶᠡᠵᠢᠭᠰᠡᠨ ᠲᠡᠵᠢᠭᠡᠯᠭᠡ ᠶᠢᠨ ᠲᠠᠯᠠᠪᠠᠢ ᠨᠢ ᠤᠳᠠᠭ᠎ᠠ ᠪᠦᠷᠢ ᠡᠬᠡᠯᠢᠯᠡᠪᠦᠷᠢ ᠶᠢᠨ ᠲᠠᠷᠢᠯᠭ᠎ᠠ | ᠬᠢᠭᠰᠡᠨ ᠤ 21 - 28 ᠡᠳᠦᠷ ᠤᠨ ᠳᠠᠷᠠᠭ᠎ᠠ ᠳᠠᠬᠢᠨ ᠨᠢᠭᠡ ᠤᠳᠠᠭ᠎ᠠ ᠲᠠᠷᠢᠯᠭ᠎ᠠ ᠲᠠᠷᠢᠵᠤ ᠡᠬᠡᠯᠢᠯᠡᠪᠦᠷᠢ ᠶᠢ | ᠴᠢᠩᠭᠠᠳᠬᠠᠪᠠᠯ᠂ ᠬᠤᠨᠢᠨ ᠰᠦᠷᠦᠭ ᠤᠨ ᠡᠬᠡᠯᠢᠯᠡᠪᠦᠷᠢ ᠶᠢᠨ ᠲᠦᠪᠰᠢᠨ ᠨᠢ ᠢᠯᠡᠳᠲᠡ ᠳᠡᠭᠡᠭᠰᠢᠯᠡᠨ᠎ᠡ᠃ | ᠠᠷᠢᠭᠤᠳᠬᠠᠬᠤ ᠳᠤ 5% ᠶᠢᠨ ᠢᠳᠡᠮᠡᠬᠡᠢ ᠱᠥᠯᠲᠦ ᠶᠢᠨ ᠠᠭᠤᠰᠤᠮᠠᠯ ᠪᠤᠶᠤ ᠡᠪᠡᠰᠦ ᠮᠣᠳᠣᠨ ᠤ ᠦᠨᠡᠰᠦᠨ | ᠤᠰᠤ ᠶᠢ ᠰᠣᠩᠭᠤᠬᠤ ᠬᠡᠷᠡᠭᠲᠡᠢ᠃ |