ᠬᠥᠬᠡ ᠲᠠᠯ᠎ᠠ ᠶᠢᠨ ᠬᠥᠬᠡ ᠣᠭᠲᠠᠷᠭᠤᠶ ᠳᠤ᠂ ᠤᠷᠤᠯᠳᠤᠭᠠᠨ ᠤ ᠵᠠᠮ ᠳᠡᠭᠡᠷᠡᠬᠢ ᠮᠠᠰᠢᠨ ᠲᠡᠷᠭᠡᠨ ᠤ | ᠬᠦᠩᠭᠢᠨᠡᠮ᠎ᠡ ᠳᠠᠭᠤᠨ᠂ ᠲᠡᠷᠭᠡᠨ ᠬᠥᠷᠲᠦ ᠪᠤᠯᠤᠨ ᠭᠠᠵᠠᠷ ᠤᠨ ᠭᠠᠳᠠᠷᠭᠤ ᠶᠢᠨ ᠬᠤᠭᠤᠷᠤᠨᠲᠣ ᠶᠢᠨ ᠦᠷᠦᠯᠳᠦᠬᠦ | ᠦᠨᠦᠷ᠂ ᠬᠦᠩᠭᠢᠨᠡᠮ᠎ᠡ ᠲᠥᠷᠥᠭᠳᠡᠯ ᠲᠠᠢ ᠬᠥᠭᠵᠢᠮ ᠤᠨ ᠬᠥᠭ ᠠᠶᠠᠰ ᠢ ᠳᠠᠭᠠᠯᠳᠤᠨ᠂ ᠪᠦᠬᠦ ᠤᠯᠤᠰ ᠤᠨ ᠡᠯ᠎ᠡ | ᠭᠠᠵᠠᠷ ᠠᠴᠠ ᠢᠷᠡᠭᠰᠡᠨ 200 ᠭᠠᠷᠤᠶ ᠲᠡᠷᠭᠡᠴᠢᠨ ︽ᠬᠤᠷᠳᠤᠴᠠ ᠪᠠ ᠣᠷᠭᠢᠯᠤᠮ᠎ᠠ ᠰᠡᠳᠬᠢᠯᠭᠡ︾ ᠶᠢᠨ | ᠤᠷᠤᠯᠳᠤᠭᠠᠨ ᠥᠷᠨᠢᠭᠦᠯᠪᠡ᠃ | 9 ᠳ᠋ᠦ᠋ᠭᠡᠷ ᠰᠠᠷ᠎ᠠ ᠶᠢᠨ 7 ᠤ ᠡᠳᠦᠷ ᠠᠴᠠ 8 ᠤ ᠡᠳᠦᠷ ᠪᠣᠯᠲᠠᠯ᠎ᠠ᠂ ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠪᠡᠶ᠎ᠡ ᠶᠢᠨ ᠲᠠᠮᠢᠷ ᠤᠨ ᠲᠣᠪᠴᠢᠶ᠎ᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ | ᠪᠡᠶ᠎ᠡ ᠶᠢᠨ ᠲᠠᠮᠢᠷ ᠤᠨ ᠶᠡᠷᠦᠩᠬᠡᠶ ᠡᠪᠯᠡᠯ᠂ ᠬᠦᠬᠡᠬᠤᠲᠠ ᠶᠢᠨ ᠠᠷᠠᠳ ᠤᠨ ᠵᠠᠰᠠᠭ ᠤᠨ ᠣᠷᠳᠣᠨ ᠠᠴᠠ ᠭᠤᠤᠯᠯᠠᠨ | ᠡᠷᠬᠢᠯᠡᠵᠦ᠂ ᠬᠦᠬᠡᠬᠤᠲᠠ ᠶᠢᠨ ᠠᠷᠠᠳ ᠤᠨ ᠵᠠᠰᠠᠭ ᠤᠨ ᠣᠷᠳᠣᠨ᠂ ᠬᠦᠬᠡᠬᠤᠲᠠ ᠶᠢᠨ ᠪᠡᠶ᠎ᠡ ᠶᠢᠨ ᠲᠠᠮᠢᠷ ᠤᠨ | ᠲᠣᠪᠴᠢᠶ᠎ᠠ᠂ ᠬᠦᠬᠡᠬᠤᠲᠠ ᠶᠢᠨ ᠰᠢᠨ᠎ᠡ ᠬᠤᠲᠠ ᠲᠣᠭᠤᠷᠢᠭ ᠤᠨ ᠵᠠᠰᠠᠭ ᠤᠨ ᠣᠷᠳᠣᠨ ᠠᠴᠠ ᠳᠠᠭᠠᠭᠠᠴᠢᠯᠠᠨ | ᠡᠷᠬᠢᠯᠡᠭᠰᠡᠨ ᠮᠠᠰᠢᠨ ᠲᠡᠷᠭᠡᠨ ᠤ ᠰᠢᠯᠤᠭᠤᠨ ᠬᠤᠷᠳᠤᠴᠠ ᠶᠢᠨ ᠤᠷᠤᠯᠳᠤᠭᠠᠨ ᠵᠢᠴᠢ ᠰᠣᠶᠣᠯ ᠤᠨ ᠦᠪᠡᠳᠡᠭᠰᠢ ᠶᠡᠭᠡ | ᠠᠵᠢᠯᠯᠠᠭ᠎ᠠ ᠬᠦᠬᠡ ᠲᠠᠯ᠎ᠠ ᠳᠤ ᠤᠷᠤᠯᠳᠤᠭᠠᠨ ᠡᠬᠢᠯᠡᠪᠡ᠃ ᠰᠢᠨ᠎ᠡ ᠬᠤᠲᠠ ᠲᠣᠭᠤᠷᠢᠭ ᠤᠨ ᠵᠠᠰᠠᠭ ᠤᠨ ᠣᠷᠳᠣᠨ ᠤ | ᠳᠡᠳ᠋ ᠳᠠᠷᠤᠭ᠎ᠠ ᠯᠢ ᠰᠢᠨ ᠳ᠋ᠠ ᠲᠣᠰ ᠤᠳᠠᠭᠠᠨ ᠤ ᠠᠵᠢᠯᠯᠠᠭ᠎ᠠ ᠳᠤ ᠣᠷᠣᠯᠴᠠᠭᠰᠠᠨ ᠪᠥᠭᠡᠳ ᠤᠷᠤᠯᠳᠤᠭᠠᠨ ᠢ | ᠡᠬᠢᠯᠡᠭᠦᠯᠪᠡ᠃ | ᠲᠡᠷᠭᠡᠨ ᠠᠩᠭᠢ ᠶᠢᠨ ᠪᠡᠯᠡᠳᠭᠡᠯ ᠲᠣᠭᠤᠷᠢᠭ ᠲᠤ ᠲᠠᠯᠠᠪᠠᠢ ᠳᠤ ᠭᠠᠷᠬᠤ ᠭᠡᠵᠦ ᠪᠠᠶᠢᠭ᠎ᠠ ᠲᠡᠷᠭᠡ ᠤᠳ ᠶᠠᠭ | ᠨᠢᠵᠢᠭᠢᠨᠡᠨ ᠳᠤᠤᠭᠠᠷᠴᠤ ᠤᠷᠤᠯᠳᠤᠬᠤ ᠪᠠᠷ ᠪᠡᠯᠡᠬᠡᠨ ᠪᠠᠶᠢᠨ᠎ᠠ᠃ ᠤᠷᠤᠯᠳᠤᠭᠠᠨ ᠤ ᠡᠬᠢᠯᠡᠯᠲᠡ ᠶᠢᠨ ᠴᠡᠭ ᠳᠡᠭᠡᠷ᠎ᠡ᠂ | ᠳ᠋ᠧᠩ ᠰᠢᠷ᠎ᠠ ᠠᠴᠠ ᠨᠣᠭᠤᠭᠠᠷᠠᠬᠤ ᠭᠱᠠᠨ ᠵᠠᠭᠤᠷ᠎ᠠ ᠬᠤᠶᠠᠷ ᠲᠡᠷᠭᠡ ᠬᠤᠷᠳᠤᠴᠠ ᠪᠠᠨ ᠲᠦᠷᠭᠡᠳᠬᠡᠵᠦ᠂ ᠭᠱᠠᠨ | ᠵᠠᠭᠤᠷ᠎ᠠ ᠤᠷᠤᠯᠳᠤᠭᠠᠨ ᠤ ᠵᠠᠮ ᠳᠡᠭᠡᠷ᠎ᠡ ᠵᠠᠮᠬᠠᠷᠠᠪᠠ᠃ ᠲᠤᠰᠬᠠᠶ ᠮᠡᠷᠭᠡᠵᠢᠯ ᠤᠨ ᠡᠯᠧᠺᠲᠷᠣᠨ ᠬᠡᠮᠵᠢᠭᠦᠷᠯᠢᠭ ᠢᠶᠠᠷ | ᠳᠠᠮᠵᠢᠨ᠂ ᠤᠷᠤᠯᠳᠤᠭᠠᠨ ᠤ ᠮᠠᠰᠢᠨ ᠲᠡᠷᠭᠡᠨ ᠤ ᠬᠢᠷᠢ ᠪᠦᠲᠦᠮᠵᠢ ᠨᠢ ᠴᠠᠭ ᠲᠤᠬᠠᠶ ᠳᠤᠨᠢ ᠲᠠᠯᠠᠪᠤᠷ ᠤᠨ | ᠬᠠᠵᠠᠭᠤ ᠶᠢᠨ ᠲᠣᠮᠣ ᠳᠡᠯᠭᠡᠴᠡ ᠳᠡᠭᠡᠷ᠎ᠡ ᠢᠯᠡᠷᠡᠳᠡᠭ᠃ | ︽ᠴᠢᠷᠮᠠᠶ︕ ᠴᠢᠷᠮᠠᠶ︕︾ ᠬᠥᠳᠡᠯᠭᠡᠭᠦᠷ ᠮᠠᠰᠢᠨ ᠤ ᠱᠤᠤᠭᠢᠶᠠᠨ ᠢ ᠳᠠᠭᠠᠯᠳᠤᠨ᠂ ᠲᠠᠯᠠᠪᠤᠷ ᠤᠨ ᠭᠠᠳᠠᠨᠠᠬᠢ | ᠦᠵᠡᠭᠴᠢᠳ ᠦᠶ᠎ᠡ ᠦᠶ᠎ᠡ ᠬᠠᠰᠬᠢᠷᠤᠯᠳᠤᠪᠠ᠃ ︽ᠪᠠᠷᠤᠭ ᠰᠧᠺᠦ᠋ᠨ᠋ᠳ᠋ ᠴᠠᠭ ᠲᠤ᠂ ᠵᠡᠭᠦᠨ ᠲᠠᠯ᠎ᠠ ᠶᠢᠨ ᠡᠨᠡ ᠲᠡᠷᠭᠡ | ᠡᠬᠢᠯᠡᠮᠡᠭᠴᠡ ᠳᠠᠷᠤᠶ ᠤᠷᠢᠳᠠᠪᠠᠷ ᠵᠠᠪᠳᠤᠵᠤ᠂ ᠨᠥᠭᠦᠭᠡ ᠨᠢᠭᠡ ᠲᠡᠷᠭᠡ ᠨᠢ ᠴᠦ ᠬᠤᠴᠣᠷᠬᠤ ᠳᠤᠷ᠎ᠠ ᠦᠭᠡᠢ᠂ | ᠬᠦᠴᠦᠯᠡᠨ ᠨᠡᠬᠡᠵᠦ ᠪᠤᠢ᠂ ᠡᠨᠡ ᠤᠳᠠᠭ᠎ᠠ ᠶᠢᠨ ᠤᠷᠤᠯᠳᠤᠭᠠᠨ ᠦᠨᠡᠬᠡᠷ ᠭᠤᠶᠢᠳᠠ ᠰᠠᠶᠢᠬᠠᠨ ᠪᠣᠯᠵᠠᠶ᠃︾ ᠭᠡᠵᠦ | ᠪᠤᠭᠤᠲᠤ ᠠᠴᠠ ᠢᠷᠡᠭᠰᠡᠨ ᠶᠣᠣ ᠫᠧᠩ ᠰᠡᠳᠬᠢᠯ ᠳᠣᠭᠳᠣᠯᠤᠨ ᠬᠡᠯᠡᠪᠡ᠃ | | | | | | | | | | | | ᠣᠶᠢᠯᠠᠭᠠᠭᠰᠠᠨ ᠢᠶᠠᠷ᠂ ᠲᠣᠰ ᠤᠳᠠᠭᠠᠨ ᠤ ᠰᠢᠯᠤᠭᠤᠨ ᠬᠤᠷᠳᠤᠴᠠ ᠶᠢᠨ ᠤᠷᠤᠯᠳᠤᠭᠠᠨ ᠢ ᠠᠳᠠᠯᠢ ᠪᠤᠰᠤ | ᠬᠥᠳᠡᠯᠭᠡᠬᠦ ᠬᠡᠯᠪᠡᠷᠢ ᠪᠠᠷ ᠡᠮᠦᠨᠡᠬᠢ ᠬᠦᠳᠡᠯᠭᠡᠭᠦᠷ᠂ ᠬᠤᠶᠢᠨᠠᠬᠢ ᠬᠦᠳᠡᠯᠭᠡᠭᠦᠷ᠂ ᠳᠥᠷᠪᠡᠨ ᠬᠦᠳᠡᠯᠭᠡᠭᠦᠷ ᠭᠡᠵᠦ | ᠭᠤᠷᠪᠠᠨ ᠤᠷᠤᠯᠳᠤᠭᠠᠨ ᠤ ᠳᠤᠭᠤᠶᠢᠯᠠᠩ ᠪᠠ ᠰᠢᠨ᠎ᠡ ᠡᠨᠧᠷᠭᠢ ᠶᠢᠨ ᠳᠤᠭᠤᠶᠢᠯᠠᠩ ᠭᠡᠵᠦ ᠬᠤᠪᠢᠶᠠᠪᠠ᠃ | ᠲᠣᠭᠲᠠᠭᠰᠠᠨ ᠴᠡᠭ ᠢᠶᠠᠷ ᠲᠡᠷᠭᠡ ᠤᠷᠤᠯᠳᠤᠬᠤ ᠬᠡᠯᠪᠡᠷᠢ ᠪᠠᠷ ᠬᠤᠶᠠᠷ ᠲᠡᠷᠭᠡ ᠨᠢᠭᠡ ᠳᠤᠭᠤᠶᠢᠯᠠᠩ ᠪᠤᠯᠤᠨ | ᠤᠷᠤᠯᠳᠤᠪᠠ᠃ ᠲᠤᠰ ᠪᠦᠷᠢ ᠤᠷᠤᠯᠳᠤᠭᠠᠨ ᠤ ᠰᠢᠭᠰᠢᠶ᠎ᠡ ᠳᠦᠷᠢᠮ ᠢ ᠣᠯᠠᠨ ᠡᠭᠡᠯᠵᠢ ᠪᠠᠷ ᠶᠠᠪᠤᠭᠤᠯᠵᠤ᠂ | ᠡᠴᠦᠰ ᠲᠤ ᠲᠡᠷᠢᠭᠦᠨ ᠢ ᠢᠯᠭᠠᠷᠠᠭᠤᠯᠪᠠ᠃ ᠰᠢᠯᠤᠭᠤᠨ ᠬᠤᠷᠳᠤᠴᠠ ᠶᠢᠨ ᠤᠷᠤᠯᠳᠤᠭᠠᠨ ᠠᠴᠠ ᠭᠠᠳᠠᠨ᠎ᠠ᠂ ᠲᠣᠰ | ᠤᠳᠠᠭᠠᠨ ᠤ ᠠᠵᠢᠯᠯᠠᠭ᠎ᠠ ᠨᠢ ᠪᠠᠰᠠ ᠦᠭᠡᠷᠡᠴᠢᠯᠡᠨ ᠲᠤᠨᠤᠭᠯᠠᠭᠰᠠᠨ ᠮᠠᠰᠢᠨ ᠲᠡᠷᠭᠡᠨ ᠤ ᠦᠵᠡᠭᠦᠯᠦᠯᠭᠡ ᠪᠣᠯᠤᠨ ᠤᠷᠠᠨ | ᠰᠠᠶᠢᠬᠠᠨ ᠤ ᠰᠣᠶᠣᠯ ᠤᠨ ᠠᠵᠢᠯᠯᠠᠭ᠎ᠠ ᠡᠷᠬᠢᠯᠡᠵᠡᠢ᠃ ᠦᠭᠡᠷᠡᠴᠢᠯᠡᠨ ᠲᠤᠨᠤᠭᠯᠠᠭᠰᠠᠨᠮᠠᠰᠢᠨ ᠲᠡᠷᠭᠡᠨ ᠤ | ᠦᠵᠡᠭᠦᠯᠦᠯᠭᠡ᠂ ᠰᠢᠯᠤᠭᠤᠨ ᠱᠤᠭᠤᠮ ᠤᠨ ᠬᠤᠷᠳᠤᠴᠠ ᠮᠥᠷᠦ᠋ᠢᠴᠡᠬᠦ ᠪᠠ ᠳᠠᠭᠤᠤ ᠬᠥᠭᠵᠢᠮ ᠤᠨ ᠬᠥᠷ ᠨᠠᠷᠭᠢᠶᠠᠨ | ᠨᠢᠭᠡ ᠴᠣᠭᠴᠠ ᠪᠣᠯᠤᠨ ᠠᠭᠤᠰᠤᠯᠴᠠᠵᠤ᠂ ᠬᠥᠬᠡ ᠲᠠᠯ᠎ᠠ ᠳᠤ ᠵᠤᠨ ᠤ ᠤᠯᠠᠷᠢᠯ ᠤᠨ ᠬᠥᠷ ᠨᠠᠷᠭᠢᠶᠠᠨ ᠢ ᠬᠥᠭᠵᠢᠮᠳᠡᠪᠡ | ᠃ | | |