ᠬᠥᠬᠡᠬᠤᠲᠠ ᠶᠢᠨ ᠣᠷᠣᠢ ᠰᠣᠨᠢᠨ ᠤ ᠮᠡᠳᠡᠭᠡ ︵ᠰᠤᠷᠪᠤᠯᠵᠢᠯᠠᠭᠴᠢ ᠸᠠᠩ ᠱᠣᠣ ᠺᠠᠶ︶ ᠥᠴᠥᠭᠡᠳᠦᠷ᠂ ᠬᠥᠬᠡᠬᠤᠲᠠ · ᠲᠣᠭᠲᠠᠬᠤ ᠶᠢᠰᠦᠳᠦᠭᠡᠷ | ᠬᠤᠭᠤᠴᠠᠭᠠᠨ ᠤ ︽ᠬᠠᠳᠤᠨ ᠭᠤᠤᠯ ᠤᠨ ᠰᠣᠶᠣᠯ ᠵᠢᠭᠤᠯᠴᠢᠯᠠᠯ ᠤᠨ ᠨᠠᠶᠢᠷ︾ ᠮᠠᠨ ᠤ ᠬᠤᠲᠠ ᠳᠤ ᠰᠣᠨᠢᠨ ᠮᠡᠳᠡᠭᠡ ᠨᠡᠶᠢᠲᠡᠯᠡᠬᠦ ᠬᠤᠷᠠᠯ ᠬᠢᠪᠡ᠂ | ᠬᠥᠬᠡᠬᠤᠲᠠ ᠶᠢᠨ ᠣᠷᠣᠢ ᠶᠢᠨ ᠰᠣᠨᠢᠨ ᠤ ᠰᠤᠷᠪᠤᠯᠵᠢᠯᠠᠭᠴᠢ ᠶᠢᠨ ᠰᠣᠨᠢᠨ ᠮᠡᠳᠡᠭᠡ ᠨᠡᠶᠢᠲᠡᠯᠡᠬᠦ ᠬᠤᠷᠠᠯ ᠠᠴᠠ ᠣᠶᠢᠯᠠᠭᠠᠭᠰᠠᠨ ᠢᠶᠠᠷ᠂ ᠬᠥᠬᠡᠬᠤᠲᠠ · ᠲᠣᠭᠲᠠᠬᠤ | ᠶᠢᠰᠦᠳᠦᠭᠡᠷ ᠬᠤᠭᠤᠴᠠᠭᠠᠨ ᠤ ᠬᠠᠳᠤᠨ ᠭᠤᠤᠯ ᠤᠨ ᠰᠣᠶᠣᠯ ᠵᠢᠭᠤᠯᠴᠢᠯᠠᠯ ᠤᠨ ᠨᠠᠶᠢᠷ 8 ᠳ᠋ᠤᠭᠠᠷ ᠰᠠᠷ᠎ᠠ ᠶᠢᠨ 18 ᠤ ᠡᠳᠦᠷ ᠵᠢᠩᠬᠢᠨᠢ ᠪᠠᠷ ᠡᠬᠢᠯᠡᠵᠦ 9 | ᠳ᠋ᠦ᠋ᠭᠡᠷ ᠰᠠᠷ᠎ᠠ ᠳᠤ ᠲᠡᠭᠦᠰᠦᠨ᠎ᠡ᠃ | ︽ᠬᠠᠲᠤᠨ ᠭᠤᠣᠯ ᠢᠶᠠᠨ ᠬᠠᠶᠢᠷᠠᠯᠠᠵᠤ᠂ ᠲᠣᠭᠲᠠᠬᠤ ᠶᠢ ᠬᠠᠮᠲᠤ ᠪᠠᠷ ᠪᠦᠲᠦᠭᠡᠨ ᠪᠠᠶᠢᠭᠤᠯᠬᠤ︾ ᠪᠠᠷ ᠭᠤᠤᠯ ᠰᠡᠳᠦᠪ ᠪᠤᠯᠭᠠᠭᠰᠠᠨ ᠬᠦᠬᠡᠬᠤᠳᠠ᠂ | ᠲᠣᠭᠲᠠᠬᠤ ᠶᠢᠰᠦᠳᠦᠭᠡᠷ ᠬᠤᠭᠤᠴᠠᠭᠠᠨ ᠤ ᠬᠠᠳᠤᠨ ᠭᠤᠣᠯ ᠤᠨ ᠰᠤᠶᠤᠯ ᠵᠢᠭᠤᠯᠴᠢᠯᠠᠯ ᠤᠨ ᠨᠠᠶᠢᠷ ᠤᠨ ᠡᠬᠢᠯᠡᠯᠳᠡ ᠶᠢᠨ ᠶᠤᠰᠤᠯᠠᠯ 8 ᠰᠠᠷ᠎ᠠ ᠶᠢᠨ 18 ᠤ | ᠤᠷᠤᠢ ᠲᠤᠭᠲᠠᠬᠤ ᠰᠢᠶᠠᠨ ᠤ ᠰᠤᠶᠤᠯ ᠤᠨ ᠠᠭᠤᠳᠠᠮ ᠲᠠᠯᠠᠪᠠᠢ ᠳᠤ ᠶᠠᠪᠤᠭᠳᠠᠨ᠎ᠠ᠃ ᠡᠬᠢᠯᠡᠯᠳᠡ ᠶᠢᠨ ᠶᠤᠰᠤᠯᠠᠯ ᠤᠨ ᠤᠷᠠᠨᠰᠠᠶᠢᠬᠠᠨ ᠤ ᠦᠳᠡᠰᠢᠯᠡᠭᠡ ᠳᠤ | ︽ᠤᠳᠤᠨ ᠭᠡᠷᠡᠯᠲᠦ ᠳᠠᠷᠳᠠᠩ ᠵᠠᠮ︾᠂ ︽ᠬᠠᠳᠤᠨ ᠭᠤᠤᠯ ᠠᠴᠠ ᠢᠷᠡᠭᠰᠡᠨ ᠳᠠᠭᠤᠤ︾ ᠵᠡᠷᠭᠡ ᠲᠣᠭᠯᠠᠯᠲᠠ ᠶᠢᠨ ᠰᠢᠯᠢᠳᠡᠭ ᠳᠠᠭᠤᠴᠢᠨ ᠵᠢᠴᠢ | ᠰᠦᠯᠵᠢᠶᠡᠨ ᠤ ᠳᠠᠭᠤᠴᠢᠨ ᠢ ᠣᠨᠴᠠᠭᠠᠢᠯᠠᠨ ᠤᠷᠢᠵᠤ᠂ ᠪᠠᠰᠠ ᠲᠠᠷᠢᠶᠠᠴᠢᠨ᠂ ᠠᠵᠤ ᠠᠬᠤᠢᠯᠠᠯ ᠤᠨ ᠠᠵᠢᠯᠲᠠᠨ ᠠᠵᠢᠯᠴᠢᠨ ᠪᠣᠯᠤᠨ ᠪᠠᠭᠰᠢ ᠶᠢᠨ | ᠲᠥᠯᠥᠭᠡᠯᠡᠭᠴᠢ ᠳᠠᠭᠤᠨ ᠬᠤᠭᠤᠯᠠᠢ ᠪᠠᠨ ᠭᠠᠶᠢᠬᠠᠭᠤᠯᠬᠤ ᠪᠣᠯᠣᠨ᠎ᠠ᠃ ᠡᠭᠦᠨ ᠠᠴᠠ ᠭᠠᠳᠠᠨ᠎ᠠ᠂ 8 ᠳ᠋ᠤᠭᠠᠷ ᠰᠠᠷ᠎ᠠ ᠶᠢᠨ 19 ᠤ ᠡᠳᠦᠷ᠂ 20 ᠤ ᠡᠳᠦᠷ ᠤᠨ | ᠣᠷᠣᠢ ᠲᠣᠰ ᠲᠣᠰ ︽ᠲᠣᠭᠲᠠᠬᠤ ᠶᠢᠨ ᠬᠠᠶᠢᠷ᠎ᠠ︾᠂ ᠥᠪᠥᠷ ᠮᠣᠩᠭᠤᠯ ᠱᠠᠨ ᠰᠢ ᠱᠠᠨᠰᠢ ᠾᠧᠪᠧᠶ ᠶᠢᠨ ᠦᠯᠢᠶᠡᠵᠦ ᠳᠠᠭᠤᠯᠠᠬᠤ ᠤᠷᠢᠯᠭ᠎ᠠ ᠶᠢᠨ | ᠤᠷᠤᠯᠳᠤᠭᠠᠨ ᠪᠠ ︽ᠤᠯᠠᠭᠠᠨᠮᠥ᠋ᠴᠢᠷ ᠤᠨ ᠰᠥᠨᠢ︾ ᠤᠨ ᠲᠤᠰᠬᠠᠶ ᠲᠣᠭᠯᠠᠯᠲᠠ ᠭᠠᠷᠭᠠᠨ᠎ᠠ᠃ ᠬᠤᠲᠠ ᠶᠢᠨ ᠠᠷᠠᠳ ᠤᠨ ᠠᠩᠬᠠᠷᠤᠯ ᠢ ᠲᠠᠲᠠᠭᠰᠠᠨ | ᠶᠢᠰᠦᠳᠦᠭᠡᠷ ᠬᠤᠭᠤᠴᠠᠭᠠᠨ ᠤ ᠲᠣᠭᠲᠠᠬᠤ ᠶᠢᠨ ᠦᠵᠦᠮ ᠤᠨ ᠪᠠᠶᠠᠷ ᠨᠢ 9 ᠳ᠋ᠦ᠋ᠭᠡᠷ ᠰᠠᠷ᠎ᠠ ᠶᠢᠨ 7 ᠤ ᠡᠳᠦᠷ ᠠᠴᠠ 9 ᠳ᠋ᠦ᠋ᠭᠡᠷ ᠰᠠᠷ᠎ᠠ ᠶᠢᠨ 9 ᠤ ᠡᠳᠦᠷ | ᠪᠣᠯᠲᠠᠯ᠎ᠠ᠃ | ᠡᠭᠦᠨ ᠠᠴᠠ ᠭᠠᠳᠠᠨ᠎ᠠ᠂ ᠬᠥᠬᠡᠬᠤᠲᠠ ᠶᠢᠨ ᠣᠷᠣᠢ ᠶᠢᠨ ᠰᠣᠨᠢᠨ ᠤ ᠰᠤᠷᠪᠤᠯᠵᠢᠯᠠᠭᠴᠢ ᠶᠢᠨ ᠰᠣᠨᠢᠨ ᠮᠡᠳᠡᠭᠡ ᠨᠡᠶᠢᠲᠡᠯᠡᠬᠦ ᠬᠤᠷᠠᠯ ᠤᠨ ᠠᠬᠤᠢ | ᠲᠠᠯᠠᠪᠠᠢ ᠠᠴᠠ ᠣᠶᠢᠯᠠᠭᠠᠭᠰᠠᠨ ᠢᠶᠠᠷ᠂ ᠪᠥᠬᠦ ᠤᠯᠤᠰ ᠤᠨ ᠠᠳᠠᠯᠢ ᠲᠥᠷᠥᠯ ᠤᠨ ᠲᠥᠷᠥᠯ ᠵᠦᠢᠯ ᠤᠨ ᠳᠣᠲᠣᠷ᠎ᠠ ᠬᠡᠪᠴᠢᠶ᠎ᠡ ᠪᠠᠷ ᠬᠠᠮᠤᠭ ᠤᠨ ᠶᠡᠭᠡ ᠲᠥᠷᠥᠯ | ᠵᠦᠢᠯ᠂ ᠮᠥᠨᠴᠦ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠩᠬᠠᠳᠠᠭᠴᠢ — ︽ᠬᠠᠳᠤᠨ ᠭᠤᠤᠯ ᠤᠨ ᠰᠠᠭᠤᠭᠳᠠᠯ︾ ᠤᠨ | ᠦᠵᠡᠮᠵᠢ ᠰᠣᠨᠢᠷᠬᠠᠬᠤ ᠲᠠᠭᠲᠤ ᠶᠢᠨ ᠲᠥᠷᠥᠯ ᠵᠦᠢᠯ ᠤᠨ ᠨᠢᠭᠡᠳᠦᠭᠡᠷ ᠬᠤᠭᠤᠴᠠᠭᠠᠨ ᠤ ᠢᠨᠵᠧᠨᠧᠷᠢᠩ ᠨᠢᠭᠡᠨᠲᠡ ᠪᠠᠷᠢᠯᠭ᠎ᠠ ᠳᠠᠭᠤᠰᠴᠤ᠂ 8 ᠳ᠋ᠤᠭᠠᠷ | ᠰᠠᠷ᠎ᠠ ᠶᠢᠨ 18 ᠤ ᠡᠳᠦᠷ ᠵᠢᠩᠬᠢᠨᠢ ᠪᠠᠷ ᠠᠰᠢᠭᠯᠠᠯᠲᠠ ᠳᠤ ᠣᠷᠣᠨ᠎ᠠ᠃ ᠲᠤᠬᠠᠢ ᠶᠢᠨ ᠦᠶ᠎ᠡ ᠳᠤ᠂ ᠵᠢᠭᠤᠯᠴᠢᠯᠠᠭᠴᠢᠳ ᠪᠦᠬᠦ ᠰᠢᠨ᠎ᠡ ᠬᠠᠷᠠᠭ᠎ᠠ ᠠᠴᠠ ᠬᠤᠤ | ᠵᠢᠶᠠ ᠶᠣᠣ ᠲᠣᠰᠬᠤᠨ ᠤ ᠦᠵᠡᠰᠬᠦᠯᠡᠩᠲᠦ ᠰᠠᠶᠢᠬᠠᠨ ᠬᠥᠳᠡᠭᠡ ᠲᠣᠰᠬᠤᠨ ᠤ ᠥᠩᠭᠡ ᠦᠵᠡᠮᠵᠢ ᠶᠢ ᠱᠠᠭᠠᠶᠢᠨ ᠬᠠᠷᠠᠵᠤ᠂ ᠰᠢᠷ᠎ᠠ ᠬᠥᠷᠥᠰᠥᠲᠦ | ᠥᠨᠳᠦᠷᠯᠢᠭ ᠤᠨ ᠥᠪᠡᠷᠮᠢᠴᠡ ᠰᠣᠶᠣᠯ ᠢ ᠮᠡᠳᠡᠷᠡᠬᠦ ᠪᠣᠯᠣᠨ᠎ᠠ᠃ |