︽ᠬᠦᠰᠡᠯᠡᠩ ᠤᠨ ᠬᠦᠯᠦᠭ ᠬᠡᠶᠢᠮᠦᠷᠢ ᠶᠢᠨ ᠬᠤᠷᠤᠢ︾ ᠠᠩᠬᠠᠳᠤᠭᠠᠷ ᠬᠤᠭᠤᠴᠠᠭᠠᠨ ᠤ ᠤᠳᠬ᠎ᠠ ᠵᠤᠬᠢᠶᠠᠯ ᠤᠨ ᠰᠤᠨᠢᠷᠬᠠᠮᠵᠢ ᠶᠢᠨ ᠴᠢᠭᠤᠯᠭᠠᠨ ᠬᠦᠬᠡᠬᠤᠳᠠ ᠳᠤ ᠪᠣᠯᠪᠠ
ᠨᠡᠶᠢᠲᠡᠯᠡᠭᠰᠡᠨ ᠴᠠᠭ᠄
2019/8/22
     ᠥᠪᠥᠷ ᠮᠣᠩᠭᠤᠯ ᠤᠨ ᠡᠳᠦᠷ ᠤᠨ ᠰᠣᠨᠢᠨ ᠤ ᠮᠡᠳᠡᠭᠡ ︵ᠰᠤᠷᠪᠤᠯᠵᠢᠯᠠᠭᠴᠢ ᠤᠷᠭᠤᠮᠠᠯ︶ 8 ᠰᠠᠷ᠎ᠠ ᠶᠢᠨ 21 ᠤ ᠤᠷᠤᠢ᠂ ᠦᠪᠡᠷᠳᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠤᠬᠠᠭᠤᠯᠬᠤ ᠭᠡᠯᠳᠡᠰ ᠭᠤᠤᠯᠯᠠᠨ ᠡᠷᠬᠢᠯᠡᠭᠰᠡᠨ ︽ᠬᠦᠰᠡᠯᠡᠩ ᠤᠨ ᠬᠦᠯᠦᠭ ᠬᠡᠶᠢᠮᠦᠷᠢ ᠶᠢᠨ ᠬᠤᠷᠤᠢ︾ ᠠᠩᠬᠠᠳᠤᠭᠠᠷ ᠬᠤᠭᠤᠴᠠᠭᠠᠨ ᠤ ᠤᠳᠬ᠎ᠠ  ᠵᠣᠬᠢᠶᠠᠯ ᠤᠨ ᠰᠤᠨᠢᠷᠬᠠᠮᠵᠢ ᠶᠢᠨ ᠴᠢᠭᠤᠯᠭᠠᠨ ᠬᠥᠬᠡᠬᠤᠲᠠ ᠳᠤ ᠶᠠᠪᠤᠭᠳᠠᠵᠠᠢ᠃      ᠰᠤᠨᠢᠷᠬᠠᠮᠵᠢ ᠶᠢᠨ ᠴᠢᠭᠤᠯᠭᠠᠨ ᠨᠢ ᠨᠢᠭᠡᠳᠦᠭᠡᠷ ᠪᠦᠯᠦᠭ ︽ᠬᠦᠰᠡᠯᠡᠩ ᠤᠨ ᠬᠦᠯᠦᠭ︾ — ᠮᠣᠩᠭᠤᠯ  ᠮᠣᠷᠢᠨ ᠤ ᠵᠠᠩ ᠴᠢᠨᠠᠷ᠂ ᠬᠤᠶᠠᠳᠤᠭᠠᠷ ᠪᠦᠯᠦᠭ ︽ᠬᠡᠶᠢᠮᠦᠷᠢ ᠶᠢᠨ ᠬᠤᠷᠤᠢ︾ — ᠮᠢᠨᠤ ᠮᠤᠩᠭᠤᠯ ᠮᠤᠷᠢ᠂ ᠭᠤᠷᠪᠠᠳᠤᠭᠠᠷ ᠪᠦᠯᠦᠭ ︽ᠰᠢᠨ᠎ᠡ ᠴᠠᠭ ᠦᠶ᠎ᠡ ᠶᠢᠨ ᠮᠠᠭᠳᠠᠭᠤ︾ — ᠮᠤᠩᠭᠤᠯ ᠮᠣᠷᠢᠨ ᠤ ᠵᠤᠷᠢᠭ ᠰᠠᠨᠠᠭ᠎ᠠ ᠭᠡᠬᠦ ᠭᠤᠷᠪᠠᠨ ᠪᠦᠯᠦᠭ ᠢᠶᠠᠷ ᠪᠦᠷᠢᠯᠳᠦᠵᠠᠢ᠃ ᠨᠢᠭᠡᠳᠦᠭᠡᠷ ᠪᠦᠯᠦᠭ ᠲᠤ᠂ ᠬᠡᠰᠡᠭ ᠡᠯᠰᠡᠭᠰᠡᠨ ᠰᠢᠯᠦᠭ ᠢ ᠰᠤᠩᠭᠤᠵᠦ᠂ ᠪᠦᠲᠦᠭᠡᠯ ᠢ ᠤᠷᠢᠳᠠᠪᠠᠷ ᠰᠤᠨᠢᠷᠬᠠᠵᠦ ᠳᠠᠷᠠᠭ᠎ᠠ ᠨᠢ ᠤᠶᠠᠩᠭᠠᠯᠠᠨ ᠳᠠᠬᠢᠨ ᠵᠠᠳᠠᠯᠬᠤ ᠳᠠᠷᠠᠭᠠᠯᠠᠯ ᠢᠶᠠᠷ ᠶᠠᠪᠤᠭᠳᠠᠵᠦ᠂ ᠬᠦᠮᠦᠰ ᠤᠨ ᠰᠡᠳᠬᠢᠯ ᠢ ᠬᠦᠨᠳᠡᠭᠰᠡᠨ ᠠᠭᠤᠯᠭ᠎ᠠ ᠶᠢ ᠶᠠᠷᠢᠵᠦ᠂ ᠤᠳᠬ᠎ᠠ ᠵᠣᠬᠢᠶᠠᠯ ᠤᠨ ᠷᠢᠳᠢ ᠰᠢᠳᠢ ᠶᠢ ᠭᠠᠶᠢᠬᠠᠭᠤᠯᠵᠠᠢ︔ ᠬᠤᠶᠠᠳᠤᠭᠠᠷ ᠪᠦᠯᠦᠭ ᠲᠤ᠂ ᠬᠦᠮᠦᠨ ᠪᠠ ᠮᠣᠷᠢᠨ ᠤ ᠦᠯᠢᠭᠡᠷ᠂ ᠴᠠᠭ ᠦᠶ᠎ᠡ ᠶᠢᠨ ᠦᠯᠢᠭᠡᠷ ᠢ ᠶᠠᠷᠢᠬᠤ ᠪᠠᠷ ᠳᠠᠮᠵᠢᠭᠤᠯᠤᠨ᠂ ︽ᠬᠦᠮᠦᠨ ᠪᠠ ᠮᠤᠷᠢ︾  ᠶᠢᠨ ᠬᠠᠶᠢᠷ᠎ᠠ ᠰᠡᠳᠬᠢᠯᠭᠡ ᠶᠢᠨ ᠤᠳᠬ᠎ᠠ ᠵᠤᠬᠢᠶᠠᠯ ᠤᠨ ᠪᠦᠲᠦᠭᠡᠯ ᠢ ᠰᠤᠨᠢᠷᠬᠠᠭᠤᠯᠵᠦ᠂ ᠲᠠᠯ᠎ᠠ ᠨᠤᠲᠤᠭ ᠤᠨ ᠠᠷᠠᠳ ᠲᠦᠮᠡᠨ ᠤ ᠳᠤᠮᠳᠠᠳᠦ ᠶᠢᠨ ᠦᠨᠳᠦᠰᠦᠲᠡᠨ ᠤ ᠠᠭᠤᠤ ᠶᠡᠭᠡ ᠰᠡᠷᠬᠦᠭᠡᠨ ᠮᠠᠨᠳᠤᠯᠲᠠ ᠶᠢᠨ ᠲᠦᠯᠦᠭᠡ ᠮᠠᠷᠠᠶᠢᠨ ᠳᠡᠮᠡᠴᠡᠬᠦ ᠴᠠᠭ ᠦᠶ᠎ᠡ ᠶᠢᠨ ᠬᠥᠭ ᠠᠶᠢᠵᠠᠮ ᠢ ᠴᠢᠪᠬᠠᠳᠠᠵᠠᠢ︔ ᠭᠤᠷᠪᠠᠳᠤᠭᠠᠷ ᠪᠦᠯᠦᠭ ᠲᠤ᠂ ᠲᠡᠦᠭᠡ ᠪᠠᠨ ᠡᠷᠬᠢᠴᠡᠬᠦᠯᠵᠦ ᠢᠷᠡᠭᠡᠳᠦᠢ ᠪᠠᠨ ᠪᠠᠷᠠᠯᠠᠨ᠂ ᠰᠢᠯᠢᠳᠡᠭ ᠤᠷᠤᠨ ᠪᠦᠰᠡ ᠶᠢᠨ ᠰᠤᠶᠤᠯ ᠢ ᠤᠯᠠᠮᠵᠢᠯᠠᠨ ᠳᠠᠮᠵᠢᠭᠤᠯᠵᠦ᠂ ︽ᠮᠤᠩᠭᠤᠯ ᠮᠤᠷᠢᠨ ᠤ ᠵᠤᠷᠢᠭ ᠰᠠᠨᠠᠭ᠎ᠠ︾ ᠶᠢ ᠶᠡᠭᠡ  ᠪᠠᠷ ᠪᠠᠳᠠᠷᠠᠭᠤᠯᠵᠠᠢ᠃     ︽︿ᠬᠦᠰᠡᠯᠡᠩ ᠤᠨ ᠬᠦᠯᠦᠭ᠂ ᠬᠡᠶᠢᠮᠦᠷᠢ ᠶᠢᠨ ᠬᠤᠷᠤᠢ﹀ ᠠᠩᠬᠠᠳᠤᠭᠠᠷ ᠬᠤᠭᠤᠴᠠᠭᠠᠨ ᠤ ᠤᠳᠬ᠎ᠠ ᠵᠤᠬᠢᠶᠠᠯ ᠤᠨ ᠰᠤᠨᠢᠷᠬᠠᠮᠵᠢ ᠶᠢᠨ ᠴᠢᠭᠤᠯᠭᠠᠨ ᠨᠢ ᠮᠤᠩᠭᠤᠯ ᠮᠣᠷᠢᠨ ᠤ ᠵᠤᠷᠢᠭ ᠰᠠᠨᠠᠭ᠎ᠠ ᠶᠢ ᠪᠠᠳᠠᠷᠠᠭᠤᠯᠬᠤ ᠪᠠᠷ ᠭᠤᠤᠯ ᠰᠡᠳᠦᠪ ᠪᠤᠯᠭᠠᠵᠦ᠂ ᠮᠤᠩᠭᠤᠯ ᠮᠣᠷᠢᠨ ᠤ ᠵᠠᠩ ᠴᠢᠨᠠᠷ ᠪᠠ ᠬᠠᠶᠢᠷ᠎ᠠ ᠰᠡᠳᠬᠢᠯᠭᠡ ᠪᠠᠷ ᠰᠢᠵᠢᠮᠯᠠᠵᠦ᠂ ᠬᠤᠶᠢᠮᠤᠷ ᠲᠤ ᠰᠠᠭᠠᠳᠠᠭᠰᠠᠨ ᠵᠤᠴᠢᠳ ᠤᠳᠬ᠎ᠠ ᠵᠤᠬᠢᠶᠠᠯ ᠤᠨ ᠰᠤᠳᠤᠨ ᠪᠦᠲᠦᠭᠡᠯ ᠤᠶᠠᠩᠭᠠᠯᠠᠨ᠂ ᠨᠡᠷᠡᠳᠦ ᠬᠦᠮᠦᠰ ᠮᠤᠩᠭᠤᠯ ᠮᠤᠷᠢ ᠳᠤ ᠳᠤᠳᠤᠷᠬᠠᠢᠢᠯᠠᠯᠳᠠ ᠦᠭᠴᠦ᠂ ᠵᠤᠬᠢᠶᠠᠯᠴᠢ ᠮᠤᠩᠭᠤᠯ ᠮᠣᠷᠢᠨ ᠤ ᠵᠣᠷᠢᠭ ᠰᠠᠨᠠᠭᠠᠨ ᠤ ᠠᠭᠤᠯᠬᠤᠨ ᠳᠤ ᠲᠠᠶᠢᠯᠪᠤᠷᠢ ᠬᠢᠵᠦ᠂ ᠰᠤᠨᠢᠷᠬᠠᠬᠤ ᠪᠤᠯᠤᠨ ᠤᠶᠠᠩᠭᠠᠯᠠᠬᠤ ᠶᠢᠨ ᠬᠡᠯᠪᠡᠷᠢ ᠪᠠᠷ ᠤᠳᠬ᠎ᠠ ᠵᠤᠬᠢᠶᠠᠯ ᠢ ᠨᠡᠩ ᠬᠦᠨᠵᠡᠭᠡᠢ ᠨᠡᠩ ᠪᠠᠶᠠᠯᠢᠭ ᠪᠤᠯᠭᠠᠵᠦ ᠴᠢᠳᠠᠵᠠᠢ᠃ ᠪᠢᠳᠡ 7 ᠰᠠᠷ᠎ᠠ ᠶᠢᠨ ᠡᠬᠢ ᠠᠴᠠ ᠡᠬᠢᠯᠡᠵᠦ ᠨᠢᠭᠡ ᠰᠠᠷ᠎ᠠ ᠬᠠᠭᠠᠰ ᠭᠠᠷᠤᠢ ᠶᠢᠨ ᠴᠠᠭ ᠵᠠᠷᠤᠴᠠᠭᠤᠯᠵᠦ᠂ ᠨᠡᠶᠢᠳᠡ 200 ᠢᠯᠡᠬᠦᠦ ᠪᠦᠲᠦᠭᠡᠯ ᠬᠤᠷᠢᠶᠠᠨ ᠤᠯᠵᠦ᠂ ᠰᠢᠯᠭᠠᠷᠠᠭᠤᠯᠤᠯᠳᠠ ᠪᠠᠷ 16 ᠪᠦᠲᠦᠭᠡᠯ ᠢ ᠰᠤᠩᠭᠤᠨ ᠭᠠᠷᠭᠠᠵᠠᠢ︾ ᠭᠡᠵᠦ ᠲᠤᠰ ᠤᠳᠠᠭᠠᠨ ᠤ ᠤᠳᠬ᠎ᠠ ᠵᠤᠬᠢᠶᠠᠯ ᠤᠨ ᠰᠤᠨᠢᠷᠬᠠᠮᠵᠢ ᠶᠢᠨ ᠴᠢᠭᠤᠯᠭᠠᠨ ᠤ ᠤᠳᠤᠷᠢᠳᠤᠭᠠᠴᠢ ᠶᠤᠸᠠᠨ ᠶᠤᠸᠠᠨ ᠲᠠᠨᠢᠯᠴᠠᠭᠤᠯᠤᠨ᠎ᠠ᠃      ︽ᠬᠦᠰᠡᠯᠡᠩ ᠤᠨ ᠬᠦᠯᠦᠭ᠂ ᠬᠡᠶᠢᠮᠦᠷᠢ ᠶᠢᠨ ᠬᠤᠷᠤᠢ︾ ᠠᠩᠬᠠᠳᠤᠭᠠᠷ ᠬᠤᠭᠤᠴᠠᠭᠠᠨ ‍ᠤ‌ᠤᠳᠬ᠎ᠠ ᠵᠤᠬᠢᠶᠠᠯ ᠤᠨ ᠰᠤᠨᠢᠷᠬᠠᠮᠵᠢ ᠶᠢᠨ ᠴᠢᠭᠤᠯᠭᠠᠨ ᠨᠢ 8 ᠰᠠᠷ᠎ᠠ ᠶᠢᠨ20 ᠤ ᠤᠷᠤᠢ ᠬᠢᠳᠠᠳ ᠬᠡᠯᠡ ᠪᠠᠷ ᠰᠢᠩᠭᠡᠭᠡᠨ ᠦᠢᠯᠡᠳᠴᠦ᠂ 8 ᠰᠠᠷ᠎ᠠ ᠶᠢᠨ 21 ᠤ ᠤᠷᠤᠢ ᠮᠣᠩᠭᠤᠯ ᠬᠡᠯᠡ ᠪᠠᠷ ᠰᠢᠩᠭᠡᠭᠡᠨ ᠦᠢᠯᠡᠳᠪᠡ᠃
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ