ᠵᠡᠮᠳᠡᠭ ᠬᠡᠥᠬᠡᠳ ᠢᠶᠠᠨ ᠢᠯᠡᠬᠦᠭᠡᠨ ᠬᠠᠯᠠᠮᠵᠢᠯᠠᠶ᠎ᠠ
ᠨᠡᠶᠢᠲᠡᠯᠡᠭᠰᠡᠨ ᠴᠠᠭ᠄
2019-08-21
      ᠤᠳᠤᠬᠠᠨ᠎ᠠ᠂ ᠵᠡᠮᠳᠡᠭ ᠬᠡᠥᠬᠡᠳ ᠤᠨ ᠡᠷᠡᠬᠦᠯᠵᠢᠯ ᠤᠨ ᠦᠢᠯᠡᠰ ᠡᠳᠦᠷ  ᠢᠷᠡᠬᠦᠶ᠎ᠡ ᠨᠠᠮ  ᠵᠠᠰᠠᠭ  ᠪᠠ  ᠨᠡᠶᠢᠬᠡᠮ‌ᠨᠠᠶᠢᠳᠠ ᠶᠢᠨ ᠠᠩᠬᠠᠷᠤᠯ ᠢ ᠲᠠᠳᠠᠵᠤ ᠬᠠᠯᠠᠮᠵᠢᠯᠠᠯ ᠢ ᠬᠦᠷᠲᠡᠵᠦ ᠪᠤᠢ᠃  ᠨᠠᠮ ᠤᠨ  ᠠᠷᠪᠠ  ᠶᠢᠰᠦᠳᠦᠬᠡᠷ  ᠶᠡᠭᠡ  ᠬᠤᠷᠠᠯ ᠡᠴᠠ‌‍ᠲ᠋ᠤᠷᠠᠳᠤᠭᠰᠠᠨ  ︽ᠵᠡᠮᠳᠡᠭᠴᠤᠳ ᠤᠨ  ᠦᠢᠯᠡᠰ ᠢ  ᠬᠦᠭᠵᠢᠬᠦᠯᠵᠦ᠂  ᠵᠡᠮᠳᠡᠭᠴᠤᠳ ᠤᠨ  ᠡᠷᠡᠬᠦᠯᠵᠢᠯ ᠤᠨ   ᠦᠢᠯᠡᠴᠢᠯᠡᠭᠡ ᠶᠢ ᠴᠢᠩᠭᠠᠳᠬᠠᠬᠤ ᠲᠤᠬᠠᠢ︾ ᠴᠢᠬᠤᠯᠠ ᠪᠠᠶᠢᠷᠢᠯᠠᠭᠤᠯᠤᠯᠲᠠ ᠶᠢ ᠨᠠᠶᠢᠳᠠᠪᠤᠷᠢᠵᠢᠭᠤᠯᠬᠤ ᠶᠢᠨ ᠲᠦᠯᠦᠭᠡ  ᠲᠤᠬᠲᠠᠭᠠᠬᠰᠠᠨ  ︽ᠵᠡᠮᠳᠡᠭ‌‍ᠬᠡᠥᠬᠡᠳ ᠢ ᠡᠷᠡᠬᠦᠯᠵᠢᠬᠦᠯᠬᠦ ᠠᠪᠤᠷᠠᠨ ᠲᠤᠰᠠᠯᠠᠬᠤ  ᠲᠦᠷᠢᠮ︾ ᠨᠢ  ᠵᠡᠮᠳᠡᠭ  ᠬᠡᠥᠬᠡᠳ ᠤᠨ  ᠪᠡᠶ᠎ᠡ  ᠮᠠᠬᠠᠪᠤᠳ ᠤᠨ  ᠪᠠᠶᠢᠳᠠᠯ ᠢ‌‍ᠰᠠᠶᠢᠵᠢᠷᠠᠭᠤᠯᠵᠦ᠂ ᠵᠡᠮᠳᠡᠭ ᠬᠡᠥᠬᠡᠳ ᠤᠨ  ᠪᠦᠬᠦ  ᠲᠠᠯ᠎ᠠ ᠶᠢᠨ  ᠬᠦᠭᠵᠢᠯᠲᠡ ᠶᠢ  ᠠᠬᠢᠭᠤᠯᠤᠨ᠂  ᠵᠡᠮᠳᠡᠭ  ᠬᠡᠥᠬᠡᠳ ᠤᠨ  ᠭᠡᠷ‌‍ᠪᠦ᠋ᠯᠢ ᠶᠢᠨ ᠳᠠᠷᠤᠭᠠᠰᠦ ᠶᠢ ᠬᠦᠩᠭᠡᠷᠡᠬᠦᠯᠵᠦ᠂ ᠨᠡᠶᠢᠬᠡᠮ ᠤᠨ ᠪᠠᠲᠤᠯᠠᠭ᠎ᠠ ᠶᠢᠨ ᠰᠢᠰᠲ᠋ᠧᠮ ᠢ ᠳᠡᠬᠦᠯᠳᠡᠷᠵᠢᠬᠦᠯᠬᠦ ᠪᠠᠷ ᠬᠠᠷᠠᠯᠲᠠ ᠪᠠᠨ‌‍ᠪᠤᠯᠭᠠᠵᠦ᠂ ᠮᠠᠰᠢ ᠰᠠᠶᠢᠨ ᠨᠡᠶᠢᠬᠡᠮ ᠤᠨ ᠦᠷ᠎ᠠ ᠨᠦᠯᠦᠭᠡ ᠶᠢ ᠠᠪᠴᠢᠷᠠᠭᠰᠠᠨ ᠪᠠᠶᠢᠨ᠎ᠠ᠃              ᠭᠡᠪᠠᠴᠤ ᠪᠤᠳᠠᠳᠤ ᠠᠮᠢᠳᠤᠷᠠᠯ ᠳᠤ ᠨᠡᠶᠢᠬᠡᠮ ᠨᠡᠶᠢᠲᠡ᠂ ᠰᠤᠷᠭᠠᠭᠤᠯᠢ ᠨᠤᠭᠤᠳ ᠤᠨ  ᠵᠡᠮᠳᠡᠭ  ᠬᠡᠥᠬᠡᠤᠨ ᠤᠨ  ᠲᠤᠬᠠᠢ‌ᠤᠢᠢᠯᠠᠭᠠᠯᠲᠠ ᠬᠦᠢᠴᠡᠳ ᠪᠤᠰᠤ ᠠᠴᠠ ᠪᠤᠯᠵᠦ᠂ ᠡᠩ ᠤᠨ ᠰᠤᠷᠭᠠᠭᠤᠯᠢ ᠳᠤ ᠰᠤᠷᠤᠯᠴᠠᠬᠤ ᠨᠦᠬᠦᠴᠡᠯ ᠪᠤᠯᠤᠯᠴᠠᠭ᠎ᠠ ᠲᠠᠢ ᠵᠡᠮᠳᠡᠭ‌‍ᠬᠡᠥᠬᠡᠳ ᠢ ᠤᠨᠴᠠᠭᠠᠢ ᠰᠤᠷᠭᠠᠨ ᠬᠦᠮᠦᠵᠢᠯ ᠤᠨ ᠰᠤᠷᠭᠠᠭᠤᠯᠢ ᠳᠤ ᠬᠦᠷᠭᠡᠬᠦ ᠦᠵᠡᠭᠳᠡᠯ  ᠤᠷᠤᠰᠢᠵᠦ  ᠪᠠᠶᠢᠭ᠎ᠠ ᠨᠢ  ᠢᠯᠡᠭᠡᠨ᠃ᠵᠢᠱᠢᠶᠡᠯᠡᠪᠡᠯ᠂ ᠵᠠᠷᠢᠮ ᠰᠤᠷᠭᠠᠭᠤᠯᠢ ᠰᠤᠨᠤᠷ᠂ ᠬᠠᠷᠠᠭ᠎ᠠ᠂ ᠦᠶ᠎ᠡ ᠬᠡᠰᠢᠬᠦᠦ᠂ ᠤᠶᠤᠨ ᠮᠡᠳᠡᠷᠡᠯ ᠤᠨ ᠲᠠᠯ᠎ᠠ ᠪᠠᠷ ᠠᠰᠠᠭᠤᠳᠠᠯ ᠲᠠᠢ‌‍ᠬᠡᠥᠬᠡᠳ ᠠᠴᠠ ᠭᠠᠳᠠᠨ᠎ᠠ᠂ ᠵᠤᠵᠢᠭ ᠡᠪᠡᠳᠴᠢᠨ ᠲᠠᠢ ᠬᠡᠥᠬᠡᠳ ᠢ ᠬᠦᠯᠢᠶᠡᠨ ᠠᠪᠬᠤ ᠦᠬᠡᠢ ᠪᠠᠶᠢᠳᠠᠭ᠃ ᠦᠨᠡᠨ ᠳᠡᠭᠡᠨ ᠵᠤᠵᠢᠭ‌ᠡᠪᠡᠳᠴᠢᠨ ᠨᠢ ᠬᠦᠨᠳᠦ ᠬᠦᠩᠭᠡᠨ ᠤ ᠢᠯᠭᠠᠭ᠎ᠠ ᠲᠠᠢ ᠪᠠᠶᠢᠵᠤ᠂ ᠬᠦᠩᠭᠡᠨ ᠵᠤᠵᠢᠭ ᠡᠪᠡᠳᠴᠢᠨ ᠳᠤ ᠨᠡᠷᠪᠡᠭᠳᠡᠭᠰᠡᠨ ᠪᠠᠶᠢᠪᠠᠯ ᠦᠬᠡ‌‍ᠶᠡᠷᠢᠬᠤ ᠦᠬᠡᠢ ᠠᠴᠠ ᠪᠢᠰᠢ ᠤᠶᠤᠨ ᠮᠡᠳᠡᠷᠡᠯ ᠨᠢ ᠡᠩ ᠤᠨ ᠬᠡᠥᠬᠡᠳ ᠲᠠᠢ ᠶᠠᠮᠠᠷ ᠴᠦ ᠢᠯᠭᠠᠭ᠎ᠠ  ᠦᠬᠡᠢ  ᠪᠠᠶᠢᠵᠦ᠂  ᠡᠩ ‍ᠤᠨ‌‍ᠰᠤᠷᠭᠠᠭᠤᠯᠢ ᠳᠤ ᠬᠦᠷᠴᠦ ᠡᠷᠭᠡ ᠲᠡᠭᠰᠢ ᠰᠤᠷᠭᠠᠨ ᠬᠦᠮᠦᠵᠢᠯ ᠬᠦᠷᠲᠡᠬᠦ ᠨᠦᠬᠦᠴᠡᠯ ᠪᠤᠯᠤᠮᠵᠢ  ᠪᠦᠷᠢᠨ  ᠪᠠᠶᠢᠳᠠᠭ᠃  ᠭᠡᠪᠡᠴᠦ‌ᠵᠠᠷᠢᠮ ᠲᠤᠰᠬᠠᠢ ᠮᠡᠷᠭᠡᠵᠢᠯ ᠤᠨ ᠦᠨᠡᠯᠡᠨ ᠲᠤᠬᠲᠠᠭᠠᠬᠤ ᠪᠠᠶᠢᠭᠤᠯᠤᠮᠵᠢ ᠶᠢᠨ ᠦᠨᠡᠯᠡᠨ ᠲᠤᠬᠲᠠᠭᠠᠯᠲᠠ ᠳᠤᠲᠠᠮᠠᠭ ᠠᠴᠠ ᠪᠤᠯᠵᠦ᠂ᠡᠳᠡᠭᠡᠷ  ᠬᠡᠥᠭᠡᠳ ᠢ  ᠰᠢᠭᠤᠳ  ᠤᠨᠴᠠᠭᠠᠢ  ᠰᠤᠷᠭᠠᠨ  ᠬᠦᠮᠦᠵᠢᠯ ᠤᠨ  ᠰᠤᠷᠭᠠᠭᠤᠯᠢ ᠳᠤ  ᠬᠦᠷᠭᠡᠬᠦ  ᠡᠰᠡᠬᠦᠯ᠎ᠡ  ᠭᠡᠷ ᠲᠤᠨᠢ‌‍ᠰᠠᠭᠤᠯᠭᠠᠬᠤ ᠦᠵᠡᠭᠳᠡᠯ ᠤᠷᠤᠰᠢᠵᠦ ᠪᠤᠢ᠃  ᠡᠶᠢᠮᠦ ᠠᠴᠠ  ᠤᠯᠤᠰ ᠤᠨ  ᠵᠡᠮᠳᠡᠭᠴᠤᠳ ᠲᠤ  ᠵᠤᠷᠢᠭᠤᠯᠤᠬᠰᠠᠨ  ᠲᠦᠷᠦ ᠵᠢᠨ‌‍ᠪᠤᠳᠤᠯᠭ᠎ᠠ ᠶᠢ ᠨᠠᠷᠢᠯᠢᠬᠵᠢᠭᠤᠯᠵᠦ᠂ ᠵᠡᠮᠳᠡᠭ ᠬᠡᠥᠭᠡᠳ ᠤᠨ ᠪᠡᠶ᠎ᠡ  ᠮᠠᠬᠠᠪᠤᠳ ᠤᠨ  ᠡᠷᠡᠬᠦᠯᠵᠢᠯ ᠤᠨ  ᠲᠤᠬᠠᠢ  ᠡᠯ᠎ᠡ ᠵᠦᠢᠯ ‍ᠤᠨ‌‍ᠱᠠᠭᠠᠷᠳᠠᠯᠭ᠎ᠠ ᠶᠢ ᠬᠠᠩᠭᠠᠬᠤ ᠠᠴᠠ  ᠭᠠᠳᠠᠨ᠎ᠠ  ᠪᠠᠰᠠ  ᠬᠠᠮᠢᠶ᠎ᠠ  ᠪᠦᠬᠦᠢ  ᠦᠨᠡᠯᠡᠨ  ᠲᠤᠬᠲᠠᠭᠠᠯᠲᠠ  ᠬᠢᠬᠦ  ᠲᠤᠬᠢᠷᠠᠯᠴᠠᠬᠰᠠᠨ‌‍ᠲ᠋ᠦ᠋ᠷᠦ ᠶᠢᠨ ᠪᠤᠳᠤᠯᠭ᠎ᠠ ᠶᠢ ᠲᠤᠬᠲᠠᠭᠠᠨ ᠨᠠᠶᠢᠳᠠᠪᠤᠷᠢᠵᠢᠭᠤᠯᠬᠤ ᠴᠢᠬᠤᠯᠠᠲᠠᠢ ᠪᠠᠶᠢᠨ᠎ᠠ᠃              ᠨᠡᠶᠢᠬᠡᠮ ᠨᠡᠶᠢᠲᠡ ᠪᠤᠯᠤᠨ ᠭᠡᠷ ᠪᠦᠯᠢ ᠶᠢᠨ ᠬᠢᠨ ᠵᠡᠮᠳᠡᠭ  ᠬᠡᠥᠭᠡᠳ ᠢ  ᠦᠨᠡᠨ  ᠬᠦ  ᠬᠠᠯᠠᠮᠵᠢᠯᠠᠵᠦ  ᠬᠦᠨᠳᠦᠳᠭᠡᠪᠡᠯ‌ᠵᠤᠬᠢᠨ᠎ᠠ᠃ ᠬᠡᠥᠭᠡᠳ ᠤᠨ  ᠪᠤᠲᠠᠲᠠᠢ  ᠪᠠᠶᠢᠳᠠᠯ ᠢ  ᠦᠨᠳᠤᠰᠤᠯᠡᠵᠤ᠂  ᠭᠡᠳᠦ  ᠦᠨᠳᠦᠷ  ᠱᠠᠭᠠᠷᠳᠠᠯᠭ᠎ᠠ  ᠲᠠᠯᠪᠢᠬᠤ  ᠦᠬᠡᠢ᠂ᠬᠡᠷᠡᠭᠵᠢᠬᠦᠯᠦᠭᠦᠰᠢᠲᠡᠢ ᠰᠤᠷᠭᠠᠨ ᠬᠦᠮᠦᠵᠢᠭᠦᠯᠬᠦ ᠠᠷᠭ᠎ᠠ  ᠬᠡᠮᠵᠢᠶ᠎ᠡ ᠶᠢ  ᠲᠤᠬᠲᠠᠭᠠᠵᠦ᠂  ᠲᠡᠲᠡ  ᠨᠠᠷ ᠤᠨ  ᠰᠤᠷᠤᠯᠴᠠᠯᠭ᠎ᠠ ᠵᠢᠨ‌‍ᠲ᠋ᠤᠷ᠎ᠠ ᠪᠠᠬ᠎ᠠ ᠶᠢ ᠲᠠᠳᠠᠵᠤ᠂ ᠤᠷᠤᠭᠰᠢᠯᠠᠨ ᠲᠠᠪᠰᠢᠬᠤ ᠡᠷᠴᠢ  ᠵᠤᠷᠢᠭ ᠢ  ᠬᠦᠪᠴᠢᠯᠡᠵᠤ᠂  ᠤᠷᠮᠠᠰᠢᠭᠤᠯᠤᠨ  ᠵᠤᠷᠢᠬᠵᠢᠭᠤᠯᠬᠤ ᠴᠢᠬᠤᠯᠠᠳᠠᠢ᠃ ᠬᠡᠥᠬᠡᠳ ᠤᠨ ‍ᠦᠪᠡᠷ ᠢ ᠪᠠᠨ ᠬᠦᠨᠳᠦᠳᠭᠡᠬᠦ ᠰᠡᠳᠬᠢᠯᠭᠡ ᠶᠢ ᠴᠢᠬᠤᠯᠠᠴᠢᠯᠠᠵᠤ᠂ ᠬᠡᠥᠬᠡᠳ ᠤᠨ ᠲᠤᠷ᠎ᠠ ᠰᠤᠨᠢᠷᠬᠠᠯ ᠢ‌‍ᠲ᠋ᠠᠳᠠᠭᠰᠠᠨ ᠨᠠᠭᠠᠳᠤᠮ ᠲᠤᠬᠯᠠᠭᠠᠮ ᠤᠨ ᠠᠵᠢᠯᠯᠠᠭ᠎ᠠ ᠶᠢ ᠢᠯᠡᠬᠦᠭᠡᠨ ᠦᠷᠨᠢᠬᠦᠯᠵᠤ᠂ ᠲᠡᠲᠠᠨᠠᠷ ᠢ ᠲᠠᠶᠢᠴᠢᠯᠠᠨ ᠤᠯᠠᠨ ᠨᠡᠶᠢᠲᠡ ᠵᠢᠨ‌ᠠᠵᠢᠯᠯᠠᠭ᠎ᠠ ᠳᠤ  ᠢᠯᠡᠬᠦᠭᠡᠨ  ᠤᠷᠤᠯᠴᠠᠭᠤᠯᠤᠨ  ᠳᠠᠪᠳᠠᠨ  ᠪᠤᠯᠪᠠᠰᠤᠷᠠᠭᠤᠯᠵᠦ᠂  ᠪᠡᠶ᠎ᠡ ᠪᠠᠨ  ᠳᠠᠭᠠᠭᠠᠬᠤ   ᠴᠢᠳᠠᠪᠤᠷᠢ ᠶᠢ ᠨᠢ‌‍ᠲ᠋ᠡᠭᠡᠭᠰᠢᠯᠡᠬᠦᠯᠪᠠᠯ ᠵᠤᠬᠢᠨ᠎ᠠ᠃        
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号