ᠰᠢᠨᠬᠤᠧᠠ ᠮᠤᠩᠭᠤᠯ ᠨᠧᠲ ᠬᠦᠬᠡᠬᠤᠲᠠ ᠶᠢᠨ 8 ᠰᠠᠷ᠎ᠠ ᠶᠢᠨ 17 ᠤ ᠡᠲᠦᠷ ᠤᠨ ᠴᠠᠬᠢᠯᠭᠠᠨ ᠮᠡᠲᠡᠭᠡ ︵ᠬ᠊᠂ ᠦᠵᠡᠰᠭᠦᠯᠡᠩ︶ 17 ᠤ ᠡᠲᠦᠷ᠂ | ᠰᠢᠨ᠎ᠡ ᠲᠤᠮᠲᠠᠲᠤ ᠤᠯᠤᠰ ᠪᠠᠢᠭᠤᠯᠤᠭᠲᠠᠭᠰᠠᠨ 70 ᠵᠢᠯ ᠤᠨ ᠤᠢ ᠶᠢ ᠪᠡᠯᠭᠡᠯᠡᠨ᠂ ᠪᠠᠭᠠᠴᠤᠳ ᠬᠡᠦᠬᠡᠳ ᠲᠡᠭᠡᠨ ᠮᠤᠩᠭᠤᠯ ᠰᠢᠯᠦᠭ ᠤᠨ ᠢᠷᠠᠭᠤ ᠰᠠᠶᠢᠬᠠᠨ ᠢ | ᠮᠡᠲᠡᠷᠠᠬᠦᠯᠵᠦ᠂ ᠡᠬᠡ ᠬᠡᠯᠡ ᠪᠠᠷ ᠢᠶᠠᠨ ᠤᠷ᠎ᠠ ᠠᠪᠢᠶᠠᠰ ᠢᠶᠠᠨ ᠪᠠᠲᠠᠷᠠᠭᠤᠯᠬᠤ ᠲᠠᠪᠴᠠᠩ ᠬᠠᠩᠭᠠᠨ ᠮᠤᠩᠭᠤᠯ ᠦᠭᠡ ᠬᠡᠯᠡ ᠦᠰᠦᠭ ᠪᠢᠴᠢᠭ ᠢᠶᠠᠨ ᠪᠠᠭ᠋ᠠᠷᠬᠠᠨ | ᠰᠤᠷᠬᠤ ᠵᠤᠷᠢᠯᠭ᠎ᠠ ᠪᠠᠷ ᠦᠪᠦᠷ ᠮᠤᠩᠭᠤᠯ ᠤᠨ ᠨᠤᠮ ᠤᠨ ᠰᠠᠩ ᠠᠴᠠ ᠲᠤᠯᠤᠲᠤᠭᠠᠷ ᠤᠲᠠᠭᠠᠨ ᠤ ︽ᠨᠤᠮ ᠡᠷᠳᠡᠨᠢ︾ ᠬᠡᠦᠬᠡᠳ ᠪᠠᠭᠠᠴᠤᠳ ᠤᠨ ᠮᠤᠩᠭᠤᠯ | ᠰᠢᠯᠦᠭ ᠤᠨ ᠤᠷᠤᠯᠲᠤᠭᠠᠨ ᠢ ᠬᠦᠬᠡᠬᠤᠲᠠ ᠳᠤ ᠵᠤᠬᠢᠶᠠᠨ ᠶᠠᠪᠤᠭᠲᠠᠭᠤᠯᠵᠠᠢ᠃ | ᠣᠶᠢᠯᠭᠠᠭᠰᠠᠨ ᠢᠶᠠᠷ᠂ ᠡᠨᠡ ᠬᠦ ᠤᠷᠤᠯᠲᠤᠭᠠᠨ ᠳᠤ ᠤᠷᠤᠨ ᠲᠠᠶᠠᠭᠠᠷ ᠤᠨ 250 ᠭᠠᠷᠤᠢ ᠪᠠᠭᠠᠴᠤᠳ ᠬᠡᠦᠬᠡᠳ ᠨᠡᠷ᠎ᠡ ᠪᠦᠷᠢᠳᠭᠡᠬᠦᠯᠦᠨ ᠤᠷᠤᠯᠴᠠᠵᠤ | ᠠᠩᠬᠠᠨ ᠤ ᠰᠢᠯᠭᠠᠷᠠᠭᠤᠯᠤᠯᠲᠠ ᠪᠠᠷ ᠴᠡᠴᠡᠷᠯᠢᠭ ᠤᠨ ᠪᠠᠭ ᠲᠤ 18 ᠬᠡᠦᠬᠡᠳ᠂ ᠪᠠᠭ᠎ᠠ ᠰᠤᠷᠭᠠᠭᠤᠯᠢ ᠶᠢᠨ ᠲᠤᠤᠷ ᠠ ᠤᠨ ᠤ ᠪᠠᠭ ᠲᠤ 30 ᠬᠡᠦᠬᠡᠳ᠂ ᠪᠠᠭ᠎ᠠ | ᠰᠤᠷᠭᠠᠭᠤᠯᠢ ᠶᠢᠨ ᠲᠡᠭᠡᠷ᠎ᠡ ᠤᠨ ᠤ ᠪᠠᠭ ᠲᠤ 22 ᠬᠡᠦᠬᠡᠳ ᠰᠢᠢᠳᠪᠦᠷᠢᠲᠤ ᠤᠷᠤᠯᠲᠤᠭᠠᠨ ᠳᠤ ᠤᠷᠤᠯᠴᠠᠵᠤ ᠰᠢᠭᠦᠭᠴᠢᠳ ᠤᠨ ᠲᠦᠪ ᠭᠤᠤᠯᠴᠢ ᠤᠨᠤᠭ᠎ᠠ | ᠦᠭᠭᠦᠯᠲᠡ ᠪᠠᠷ ᠴᠡᠴᠡᠷᠯᠢᠭ ᠤᠨ ᠪᠠᠭ ᠲᠤ ᠵᠡᠬᠦᠨ ᠦᠵᠦᠮᠦᠴᠢᠨ ᠬᠤᠰᠢᠭᠤᠨ ᠤ ᠲᠤᠭᠲᠠᠬᠤᠮᠠ᠂ ᠪᠠᠭ᠎ᠠ ᠰᠤᠷᠭᠠᠭᠤᠯᠢ ᠶᠢᠨ ᠲᠤᠤᠷ᠎ᠠ ᠤᠨ ᠤ ᠪᠠᠭ ᠲᠤ ᠡᠷᠢᠶᠡᠨ | ᠬᠤᠲᠠ ᠶᠢᠨ ᠤᠷᠠᠯᠢᠭ᠂ ᠪᠠᠭ᠎ᠠ ᠰᠤᠷᠭᠠᠭᠤᠯᠢ ᠶᠢᠨ ᠲᠡᠭᠡᠷ᠎ᠡ ᠤᠨ ᠤ ᠪᠠᠭ ᠲᠤ ᠡᠷᠢᠶᠠᠨ ᠬᠤᠲᠠ ᠶᠢᠨ ᠴᠢᠮᠪᠠᠢ ᠦᠵᠦᠭᠦᠷᠯᠡᠭᠰᠡᠨ ᠪᠠᠶᠢᠨ᠎ᠠ᠃ | | ᠴᠡᠴᠡᠷᠯᠢᠭ ᠤᠨ ᠪᠠᠭ ᠤᠨ ᠲᠡᠷᠢᠬᠦᠨ ᠵᠡᠬᠦᠨ ᠦᠵᠦᠮᠦᠴᠢᠨ ᠬᠤᠰᠢᠭᠤᠨ ᠤ ᠲᠤᠭᠲᠠᠬᠤᠮᠠ | | ᠪᠠᠭ᠎ᠠ ᠰᠤᠷᠭᠠᠭᠤᠯᠢ ᠶᠢᠨ ᠲᠤᠤᠷ᠎ᠠ ᠤᠨ ᠤ ᠪᠠᠭ ᠤᠨ ᠲᠡᠷᠢᠬᠦᠨ ᠡᠷᠢᠶᠡᠨ ᠬᠤᠲᠠ ᠶᠢᠨ ᠤᠷᠠᠯᠢᠭ | | ᠪᠠᠭ᠎ᠠ ᠰᠤᠷᠭᠠᠭᠤᠯᠢ ᠶᠢᠨ ᠲᠡᠭᠡᠷ᠎ᠡ ᠤᠨ ᠤ ᠪᠠᠭ ᠤᠨ ᠲᠡᠷᠢᠬᠦᠨ ᠡᠷᠢᠶᠠᠨ ᠬᠤᠲᠠ ᠶᠢᠨ ᠴᠢᠮᠪᠠᠢ | ᠲᠤᠯᠤᠳᠡᠬᠢ ᠵᠢᠯ ᠳᠡᠭᠡᠨ ᠵᠤᠬᠢᠶᠠᠨ ᠪᠠᠢᠭᠤᠯᠤᠭᠲᠠᠵᠤ ᠪᠠᠶᠢᠭ᠎ᠠ ᠡᠨᠡ ᠬᠦ ᠤᠷᠤᠯᠲᠤᠭᠠᠨ ᠨᠢ ᠤᠷᠤᠨ ᠲᠠᠶᠠᠭᠠᠷ ᠤᠨ ᠬᠡᠦᠬᠡᠳ ᠪᠠᠭᠠᠴᠤᠳ ᠤᠨ ᠮᠤᠩᠭᠤᠯ | ᠨᠤᠮ ᠢᠶᠠᠨ ᠤᠩᠰᠢᠬᠤ ᠤᠷᠮ ᠠ ᠪᠠᠬ᠎ᠠ ᠶᠢ ᠬᠦᠭᠵᠢᠭᠡᠨ᠂ ᠨᠤᠮ ᠤᠩᠰᠢᠬᠤ ᠰᠠᠶᠢᠬᠠᠨ ᠲᠠᠳᠬᠠᠯ ᠢ ᠪᠤᠢ ᠪᠤᠯᠭᠠᠵᠤ ᠮᠤᠩᠭᠤᠯ ᠬᠡᠯᠡᠨ ᠤ ᠪᠡᠷᠢᠮᠵᠢᠶ ᠠ ᠠᠪᠢᠶᠠᠨ ᠤ | ᠰᠤᠷᠤᠯᠴᠠᠯᠭ᠎ᠠ ᠶᠢ ᠠᠬᠢᠭᠤᠯᠬᠤ ᠳᠤ ᠲᠤᠰᠠ ᠦᠵᠡᠬᠦᠯᠬᠦ ᠪᠤᠯᠤᠨ᠎ᠠ᠃ ︵ᠵᠢᠷᠤᠭ ᠢ ᠦᠪᠦᠷ ᠮᠤᠩᠬᠤᠯ ᠤᠨ ᠨᠤᠮ ᠤᠨ ᠰᠠᠩ ᠠᠴᠠ ᠬᠠᠩᠭᠠᠪᠠ︶ |