ᠳᠠᠯᠡᠭᠡᠢ ᠶᠢᠨ ᠮᠤᠩᠭᠤᠯ ᠬᠤᠳᠠᠯᠳᠤᠭᠠᠨ ᠤ ᠲᠦᠪ ᠬᠦᠬᠡᠬᠤᠳᠠ ᠳᠤ ᠡᠭᠦᠳᠡ ᠪᠠᠨ ᠨᠡᠭᠡᠭᠡᠵᠦ ᠡᠷᠦᠬᠡ ᠪᠠᠨ ᠰᠡᠭᠦᠯ᠎ᠡ
ᠨᠡᠶᠢᠲᠡᠯᠡᠭᠰᠡᠨ ᠴᠠᠭ᠄
2019-08-16
      ᠬᠦᠬᠡᠬᠤᠳᠠ ᠳᠤ ᠪᠠᠰᠠ ᠨᠢᠭᠡᠨ ᠮᠤᠩᠭᠤᠯ ᠬᠤᠳᠠᠯᠳᠤᠭᠠᠨ ᠤ ᠭᠠᠵᠠᠷ ᠨᠡᠮᠡᠭᠳᠡᠯ᠎ᠡ — 8 ᠰᠠᠷ᠎ᠠ ᠶᠢᠨ 10 ᠤ ᠡᠳᠦᠷ᠂ ᠠᠩᠬᠠᠳᠤᠭᠠᠷ ᠤᠳᠠᠭᠠᠨ ᠤ ᠦᠨᠳᠦᠰᠦᠳᠡᠨ ᠤ ᠬᠤᠳᠠᠯᠳᠤᠭᠠᠨ ᠤ ᠰᠤᠶᠤᠯ ᠤᠨ ᠨᠠᠶᠢᠷ ᠵᠢᠴᠢ ᠳᠡᠯᠡᠭᠡᠢ ᠶᠢᠨ ᠮᠤᠩᠭᠤᠯ ᠬᠤᠳᠠᠯᠳᠤᠭᠠᠨ ᠤ ᠲᠦᠪ ᠤᠨ ᠨᠡᠭᠡᠭᠡᠯᠳᠡ ᠶᠢᠨ ᠶᠤᠰᠤᠯᠠᠯ ᠬᠦᠬᠡᠬᠤᠳᠠ ᠶᠢᠨ ᠳᠢᠶᠠᠨ ᠶᠤᠸᠠᠨ ᠬᠤᠳᠠᠯᠳᠤᠭᠠᠨ ᠤ ᠠᠰᠠᠷ ᠲᠤ ᠶᠠᠪᠤᠭᠳᠠᠪᠠ᠃      ᠶᠤᠰᠤᠯᠠᠯ ᠤᠨ ᠶᠠᠪᠤᠴᠠ ᠳᠤ ᠮᠤᠩᠭᠤᠯ ᠤᠯᠠᠮᠵᠢᠯᠠᠯᠳᠦ ᠵᠠᠩᠰᠢᠯ ᠶᠤᠰᠤᠭᠠᠷ ᠰᠦ ᠪᠠᠨ ᠰᠡᠷᠵᠢᠮᠯᠠᠭᠡᠳ᠂ ᠮᠦᠩᠭᠡ ᠶᠢᠨ ᠵᠤᠯᠠ ᠪᠠᠨ ᠠᠰᠠᠭᠠᠵᠤ᠂ ᠴᠡᠩᠭᠡᠷ ᠬᠠᠳᠠᠭ ᠴᠠᠭᠠᠨ ᠢᠳᠡᠭᠡᠨ ᠢᠶᠠᠨ ᠳᠡᠬᠡᠵᠢᠯᠡᠬᠡᠳ ᠳᠤᠯᠭ᠎ᠠ ᠶᠢᠨ ᠤᠴᠢ ᠶᠢ ᠲᠦᠷᠡᠯᠵᠡᠭᠦᠯᠵᠤ᠂ ᠳᠡᠯᠭᠡᠭᠦᠷ ᠤᠨ ᠢᠶᠠᠨ ᠰᠠᠶᠢᠨ ᠰᠠᠶᠢᠬᠠᠨ ᠢ ᠵᠦᠩᠨᠡᠨ ᠢᠷᠤᠭᠡᠯ ᠤᠩᠰᠢᠨ ᠮᠢᠯᠢᠶᠠᠬᠰᠡᠨ ᠪᠦᠭᠡᠳ ᠮᠤᠩᠭᠤᠯ ᠤᠯᠤᠰ ᠪᠠ ᠦᠪᠦᠷ ᠮᠤᠩᠭᠤᠯ ᠤᠨ ᠳᠤᠭᠯᠠᠬᠴᠢᠳ ᠠᠴᠠ ᠤᠷᠠᠨ ᠰᠠᠶᠢᠬᠠᠨ ᠤ ᠳᠤᠭᠯᠠᠯᠳᠠ ᠭᠠᠷᠭᠠᠵᠠᠢ᠃      ᠳᠡᠯᠡᠭᠡᠢ ᠶᠢᠨ ᠮᠤᠩᠭᠤᠯ ᠬᠤᠳᠠᠯᠳᠤᠭᠠᠨ ᠤ ᠲᠦᠪ ᠪᠤᠯ ᠬᠥᠬᠡᠬᠤᠲᠠ ᠳᠠᠬᠢ ᠦᠨᠳᠦᠰᠦᠳᠡᠨ ᠤ ᠤᠨᠴᠠᠯᠢᠭᠳᠤ ᠪᠦᠳᠦᠭᠡᠭᠳᠡᠭᠦᠨ ᠢ ᠲᠤᠰᠬᠠᠶ ᠪᠣᠷᠣᠯᠠᠭᠤᠯᠬᠤ᠂ ᠲᠠᠯ᠎ᠠ ᠨᠤᠲᠤᠭ ᠤᠨ ᠰᠣᠶᠣᠯ ᠢ ᠤᠯᠠᠮᠵᠢᠯᠠᠨ ᠳᠡᠯᠭᠡᠷᠡᠭᠦᠯᠬᠦ᠂ ᠲᠠᠯ᠎ᠠ ᠨᠤᠲᠤᠭ ᠤᠨ ᠤᠯᠠᠮᠵᠢᠯᠠᠯᠲᠤ ᠠᠵᠤ ᠦᠢᠯᠡᠰ ᠢ ᠬᠦᠭᠵᠢᠭᠦᠯᠦᠨ ᠮᠠᠨᠳᠤᠭᠤᠯᠬᠤ ᠳᠤ ᠦᠢᠯᠡᠴᠢᠯᠡᠭᠦ ᠲᠠᠪᠴᠠᠩ ᠪᠤᠯᠤᠨ᠎ᠠ︔ ᠡᠨᠡᠬᠦ ᠲᠠᠪᠴᠠᠩ ᠢᠶᠠᠷ ᠳᠠᠮᠵᠢᠨ ᠣᠷᠣᠨ ᠤ ᠲᠥᠪ ᠲᠤ ᠪᠠᠶᠢᠭ᠎ᠠ ᠦᠢᠯᠡᠰ ᠪᠤᠰᠬᠠᠵᠦ ᠪᠠᠶᠢᠭ᠎ᠠ ᠮᠣᠩᠭᠤᠯ ᠣᠶᠤᠲᠠᠨ᠂ ᠬᠤᠲᠠ ᠣᠷᠣᠵᠤ ᠬᠦᠯᠦᠰᠤᠨ ᠠᠵᠢᠯ ᠬᠢᠵᠤ ᠪᠠᠢᠶ᠋ᠭ᠎ᠠ ᠮᠠᠯᠴᠢᠳ ᠢ ᠬᠠᠪᠰᠤᠷᠤᠨ ᠲᠡᠳᠬᠦᠵᠦ᠂ ᠠᠵᠢᠯ ᠣᠯᠭᠤᠬᠤ ᠦᠢᠯᠡᠰ ᠪᠤᠰᠬᠠᠬᠤ ᠠᠵᠠ ᠳᠤᠬᠢᠶᠠᠯ ᠡᠭᠦᠳᠴᠦ ᠦᠭᠬᠦ ᠪᠠᠷ ᠪᠤᠢ᠃ ᠳᠤᠰ ᠮᠤᠩᠭᠤᠯ ᠬᠤᠳᠠᠯᠳᠤᠭᠠᠨ ᠤ ᠲᠦᠪ ᠨᠢ ᠥᠪᠡᠷᠮᠢᠴᠡ ᠣᠨᠴᠠᠯᠢᠭ ᠪᠦᠬᠦᠢ ᠦᠨᠳᠦᠰᠦᠲᠡᠨ ᠤ ᠰᠣᠶᠣᠯ ᠤᠨ ᠲᠠᠲᠠᠬᠤ ᠬᠦᠴᠦᠨ᠂ ᠬᠦᠷ ᠬᠦᠭᠵᠢᠶᠡᠨᠳᠡᠢ ᠠᠷᠠᠯᠵᠢᠶᠠᠨ ᠤ ᠠᠭᠤᠷ ᠠᠮᠢᠰᠬᠤᠯ ᠢᠶᠠᠷ ᠲᠢᠶᠠᠨ ᠶᠤᠸᠠᠨ ᠬᠤᠳᠠᠯᠳᠤᠭᠠᠨ ᠤ ᠠᠰᠠᠷ ᠵᠢᠴᠢ ᠡᠷᠭᠢᠨ ᠲᠣᠭᠤᠷᠢᠨ ᠤ ᠬᠤᠳᠠᠯᠳᠤᠭᠠᠨ ᠤ ᠬᠦᠷᠢᠶ᠎ᠡ ᠶᠢ ᠳᠠᠶᠢᠴᠢᠯᠠᠵᠤ᠂ ᠤᠷᠤᠨ ᠤ ᠲᠥᠪ ᠤᠨ ᠳᠦᠷᠢ ᠲᠥᠷᠬᠦ ᠶᠢ ᠤᠯᠠᠮ ᠭᠤᠶᠤᠵᠢᠭᠤᠯᠠᠬᠤ ᠪᠤᠯᠤᠨ᠎ᠠ᠃
ᠳᠡᠯᠭᠡᠭᠦᠷ ᠤᠨ ᠡᠵᠡᠳ ᠬᠦᠭᠡ ᠬᠠᠳᠠᠭ ᠢᠶᠠᠨ ᠡᠷᠬᠦᠨ ᠪᠠᠷᠢᠨ᠎ᠠ
ᠳᠡᠯᠡᠭᠡᠢ ᠶᠢᠨ ᠮᠤᠩᠭᠤᠯ ᠬᠤᠳᠠᠯᠳᠤᠭᠠᠨ ᠤ ᠲᠦᠪ ᠤᠨ ᠵᠠᠬᠢᠷᠤᠯ ᠨᠠᠷ ᠰᠦ ᠰᠡᠷᠵᠢᠮᠯᠡᠨ᠎ᠡ
ᠬᠠᠮᠳᠤᠷᠠᠯᠴᠠᠭᠠᠨ ᠤ ᠵᠦᠪᠳᠡᠯᠴᠡᠭᠡᠷ ᠲᠤ ᠭᠠᠷ ᠤᠨ ᠦᠰᠦᠭ ᠵᠢᠷᠤᠨ᠎ᠠᠰᠤᠷᠪᠤᠯᠵᠢᠯᠠᠭᠴᠢ ᠭᠤᠸ᠎ᠠ ᠰᠡᠭᠦᠳᠡᠷᠯᠡᠨ ᠮᠡᠳᠡᠭᠡᠯᠡᠪᠡ ᠨᠠᠶᠢᠷᠠᠭᠤᠯᠤᠭᠴᠢ᠄ ᠠᠷᠢᠭᠤᠨ᠎ᠠ
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号