ᠰᠢᠨᠬᠤᠸᠠ ᠬᠤᠷᠢᠶᠠᠨ ᠤ ᠬᠥᠬᠡᠬᠤᠲᠠ ᠶᠢᠨ 7 ᠰᠠᠷ᠎ᠠ ᠶᠢᠨ 5 ᠤ ᠡᠳᠦᠷ ᠤᠨ ᠴᠠᠬᠢᠯᠭᠠᠨ ᠮᠡᠳᠡᠭᠡ ︵ᠰᠤᠷᠪᠤᠯᠵᠢᠯᠠᠭᠴᠢᠤᠷᠢᠬᠠᠨ︶ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠣᠶᠣᠯ ᠤᠨ ᠡᠷᠳᠡᠮᠲᠡᠨ ᠨᠠᠷ ᠤᠨ 9 ᠵᠢᠯ ᠡᠮᠬᠢᠳᠭᠡᠨᠴᠤᠬᠯᠠᠭᠤᠯᠵᠤ ᠬᠡᠪᠯᠡᠭᠦᠯᠦᠭᠰᠡᠨ ︽ᠮᠣᠩᠭᠤᠯ | ᠦᠨᠳᠦᠰᠦᠲᠡᠨ ᠤ ᠡᠷᠲᠡ ᠡᠳᠦᠭᠡ ᠶᠢᠨ ᠤᠳᠬ᠎ᠠ ᠵᠣᠬᠢᠶᠠᠯ ᠤᠨ ᠲᠡᠭᠡᠵᠢ ︵20ᠪᠤᠳᠢ︶︾ ᠤᠶᠢᠷ᠎ᠡ ᠳᠤ ᠤᠩᠰᠢᠭᠴᠢᠳ ᠲᠠᠢ ᠵᠢᠩᠬᠢᠨᠢ ᠪᠠᠷ ᠵᠤᠯᠭᠠᠪᠠ᠃ | | ᠣᠶᠢᠯᠠᠠᠭᠠᠭᠰᠠᠨ ᠢᠶᠠᠷ᠂ ᠡᠨᠡ ᠪᠣᠯ ᠥᠪᠥᠷ ᠮᠣᠩᠭᠤᠯ ᠤᠨ 800 ᠰᠢᠬᠠᠮ ᠵᠢᠯ ᠤᠨ ᠲᠤᠷᠰᠢᠬᠢ ᠮᠣᠩᠭᠤᠯᠦᠨᠳᠦᠰᠦᠲᠡᠨ ᠤ ᠤᠳᠬ᠎ᠠ | ᠵᠣᠬᠢᠶᠠᠯ ᠤᠨ ᠪᠦᠲᠦᠭᠡᠯ ᠢ ᠠᠩᠬ᠎ᠠ ᠤᠳᠠᠭ᠎ᠠ ᠰᠢᠰᠲ᠋ᠧᠮ ᠲᠠᠢ ᠡᠮᠬᠢᠳᠬᠡᠨ ᠭᠠᠷᠭᠠᠵᠤ ᠪᠠᠶᠢᠭᠠᠶᠠᠪᠤᠳᠠᠯ ᠪᠤᠯᠤᠨ᠎ᠠ᠂ ᠡᠮᠬᠢᠳᠭᠡᠨ ᠣᠷᠣᠭᠤᠯᠤᠭᠰᠠᠨ ᠵᠤᠬᠢᠶᠠᠯ | ᠪᠦᠲᠦᠭᠡᠯ ᠤᠨ ᠣᠨ ᠵᠢᠯ ᠠᠴᠠ ᠠᠪᠴᠤ ᠦᠵᠡᠪᠡᠯ ᠮᠣᠩᠭᠤᠯᠦᠰᠦᠭ ᠪᠢᠴᠢᠭ ᠪᠣᠶ ᠪᠣᠯᠤᠭᠰᠠᠨ 13 ᠳ᠋ᠤᠭᠠᠷ ᠵᠠᠭᠤᠨ ᠤ ᠳᠥᠴᠢᠭᠡᠳ ᠣᠨ ᠠᠴᠠ | 2008 ᠣᠨ ᠪᠣᠯᠲᠠᠯᠡᠬᠢ ᠬᠤᠭᠤᠴᠠᠭᠠᠪᠤᠯᠤᠨᠠ᠃ | ᠣᠶᠢᠯᠠᠠᠭᠠᠭᠰᠠᠨ ᠢ ᠦᠨᠳᠦᠰᠦᠯᠡᠪᠡᠯ᠂ ︽ᠤᠯᠤᠰ ᠤᠨ ᠬᠡᠪᠯᠡᠯ ᠤᠨ ᠰᠠᠭᠤᠷᠢ ᠮᠥᠩᠭᠦᠨ ᠤ ᠲᠦᠷᠦᠯ ᠵᠦᠢᠯ︾ ᠳ᠋ᠤ᠋ᠵᠢᠭᠰᠠᠭᠠᠭᠳᠠᠭᠰᠠᠨ ᠡᠨᠡᠬᠦ ᠲᠣᠮᠣ | ᠬᠡᠯᠪᠡᠷᠢ ᠶᠢᠨ ᠬᠡᠪᠯᠡᠭᠳᠡᠬᠦᠨ ᠨᠢ ︽ᠰᠢᠳᠢᠲᠦ ᠦᠯᠢᠭᠡᠷ • ᠳᠣᠮᠤᠭ ᠤᠨ ᠪᠤᠳᠢ︾᠂ ︽ᠢᠷᠦᠭᠡᠯᠮᠠᠭᠲᠠᠭᠠᠯ᠂ ᠲᠠᠷᠨᠢ᠂ ᠳᠠᠯᠠᠯᠭ᠎ᠠ ᠤᠷᠢᠯᠭ᠎ᠠ ᠶᠢᠨ ᠦᠭᠡ᠂ | ᠳᠠᠬᠢᠯᠭ᠎ᠠ ᠶᠢᠨ ᠦᠭᠡ︾᠂ ︽ᠤᠷᠲᠤ ᠲᠤᠤᠯᠢᠰ ᠤᠨ ᠪᠣᠳᠢ︾᠂︽ᠳᠤᠮᠳᠠ ᠣᠬᠤᠷ ᠲᠤᠤᠯᠢᠰ ᠤᠨ ᠪᠣᠳᠢ︾᠂ ︽ᠠᠮᠠᠨ ᠦᠯᠢᠭᠡᠷ ᠤᠨ ᠪᠣᠳᠢ︾ ᠵᠡᠷᠭᠡ 20 | ᠪᠣᠳᠢ ᠪᠠᠷ ᠪᠦᠷᠢᠯᠳᠦᠵᠡᠶ᠂ ᠡᠭᠦᠨ ᠳ᠋ᠤ᠋ᠠᠷᠠᠳ ᠤᠨ ᠠᠮᠠᠨ ᠵᠣᠬᠢᠶᠠᠯ 8 ᠪᠣᠳᠢ᠂ ᠪᠢᠴᠢᠭ ᠤᠨ ᠤᠷᠠᠨ ᠵᠣᠬᠢᠶᠠᠯ 12 ᠪᠣᠳᠢ ᠪᠣᠶ᠃ ᠴᠤᠪᠤᠷᠠᠯ ᠵᠤᠬᠢᠶᠠᠯ | ᠪᠦᠳᠦᠭᠡᠯ ᠨᠢᠡᠷᠲᠡᠨ ᠠᠴᠠ ᠡᠳᠦᠭᠡ ᠪᠣᠯᠲᠠᠯᠠᠬᠢ ᠮᠣᠩᠭᠤᠯ ᠦᠨᠳᠦᠰᠦᠲᠡᠨ ᠤ ᠤᠳᠬ᠎ᠠ ᠵᠣᠬᠢᠶᠠᠯ ᠤᠨ ᠡᠯ᠎ᠡ ᠵᠦᠢᠯ ᠤᠨ ᠰᠲ᠋ᠢᠯᠢ ᠶᠢ ᠬᠠᠮᠤᠷᠴᠤ᠂ᠠᠭᠤᠯᠭ᠎ᠠ ᠪᠠᠷ | ᠥᠷᠭᠡᠨ ᠲᠡᠯᠭᠡᠷ᠂ ᠴᠠᠭ ᠤᠨ ᠠᠯᠭᠠᠰᠠᠯ ᠢᠶᠠᠷ ᠶᠡᠭᠡ ᠪᠠᠶᠢᠬᠤ ᠮᠣᠩᠭᠤᠯ ᠦᠨᠳᠦᠰᠦᠲᠡᠨ ᠤ ᠤᠳᠬ᠎ᠠ ᠵᠣᠬᠢᠶᠠᠯ ᠤᠨᠰᠢᠯᠢᠳᠡᠭ ᠪᠦᠲᠦᠭᠡᠯ ᠤᠨ ᠨᠢᠭᠡ ᠤᠳᠠᠭᠠᠨ ᠤ | ᠲᠥᠪᠯᠡᠷᠡᠩᠭᠦᠶ ᠦᠵᠡᠭᠦᠯᠦᠯᠭᠡ ᠪᠣᠯᠤᠨ᠎ᠠ᠃ | 2010 ᠣᠨ ᠳᠤ ᠡᠬᠢᠯᠡᠭᠦᠯᠦᠭᠰᠡᠨ ᠡᠨᠡᠬᠦ ᠢᠨᠵᠧᠨᠧᠷᠢᠩ ᠨᠢ ᠤᠷᠢᠳ ᠬᠤᠵᠢᠳ ᠮᠠᠲ᠋ᠧᠷᠢᠶᠠᠯ ᠡᠷᠢᠬᠦ᠂ᠴᠤᠭᠯᠠᠭᠤᠯᠬᠤ᠂ ᠰᠢᠯᠢᠨ ᠰᠣᠩᠭᠤᠬᠤ᠂ | ᠡᠮᠬᠢᠳᠬᠡᠬᠦ᠂ ᠪᠠᠭᠤᠯᠭᠠᠨ ᠪᠢᠴᠢᠬᠦ᠂ ᠨᠡᠶᠢᠷᠡᠭᠤᠯᠤᠨ ᠵᠤᠬᠢᠶᠠᠬᠤ᠂ ᠵᠡᠬᠦᠯᠳᠡ ᠬᠢᠬᠦ ᠵᠡᠷᠭᠡ12 ᠵᠦᠢᠯ ᠤᠨ ᠠᠵᠢᠯ ᠤᠨ ᠳᠠᠷᠠᠭᠠᠯᠠᠯ ᠢᠶᠠᠷ ᠳᠠᠮᠵᠢᠨ ᠪᠡᠶᠡᠯᠡᠭᠳᠡᠵᠡᠢ᠂ | ᠡᠭᠦᠨ ᠤ ᠲᠤᠳᠤᠷᠠᠬᠢ ᠡᠷᠲᠡᠨ ᠤ ᠵᠤᠬᠢᠶᠠᠯ ᠤᠨ ᠬᠡᠰᠡᠭ ᠪᠠᠠᠷᠠᠳ ᠤᠨ ᠠᠮᠠᠨ ᠵᠣᠬᠢᠶᠠᠯ ᠤᠨ ᠬᠡᠰᠡᠭ ᠢ ᠡᠮᠬᠢᠳᠬᠡᠬᠦ ᠠᠵᠢᠯ ᠨᠢ ᠳᠤᠮᠳᠠᠳᠤ ᠤᠯᠤᠰ᠂ ᠮᠣᠩᠭᠤᠯ | ᠤᠯᠤᠰ᠂ ᠣᠷᠣᠰ ᠭᠤᠷᠪᠠᠨᠤᠯᠤᠰ ᠢ ᠰᠤᠨᠳᠠᠯᠠᠵᠤ᠂ ᠤᠷᠴᠢᠨ ᠤᠳᠤ ᠦᠶ᠎ᠡ ᠶᠢᠨ ᠪᠦᠲᠦᠭᠡᠯ ᠢ ᠰᠢᠯᠢᠨ ᠰᠣᠩᠭᠤᠬᠤ ᠠᠵᠢᠯ ᠨᠢ ᠮᠠᠨ ᠤ ᠤᠯᠤᠰ ᠤᠨ | 10ᠮᠣᠵᠢ ᠣᠷᠣᠨ ᠢ ᠬᠠᠮᠤᠷᠴᠠᠶ᠃ | ᠣᠶᠢᠯᠠᠭᠠᠭᠰᠠᠨ ᠢᠶᠠᠷ᠂ ᠴᠤᠪᠤᠷᠠᠯ ᠪᠢᠴᠢᠭ ᠳᠤ ᠵᠦᠢᠯ ᠪᠦᠷᠢ ᠶᠢᠨ ᠵᠤᠬᠢᠶᠠᠯ ᠤᠨ ᠲᠦᠷᠦᠯ ᠠᠴᠠ ᠰᠣᠩᠭᠤᠨᠤᠷᠤᠭᠤᠯᠤᠬᠰᠠᠨ ᠰᠢᠯᠢᠳᠡᠭ | ᠪᠦᠲᠦᠭᠡᠯ ᠤᠨ ᠬᠠᠷᠢᠴᠠᠯ ᠨᠢ 1 / 120᠂ 1 / 100᠂ 1 / 50᠂ 1 / 30 ᠵᠡᠷᠭᠡᠠᠳᠠᠯᠢ ᠪᠤᠰᠤ ᠬᠠᠷᠢᠴᠠᠯ ᠲᠠᠢ ᠪᠠᠶᠢᠵᠤ᠂ ᠬᠠᠮᠤᠬ ᠤᠨ ᠪᠠᠭ᠎ᠠ | ᠬᠠᠷᠢᠴᠠᠯ ᠨᠢ 1 / 8 ᠪᠣᠯᠤᠨ᠎ᠠ᠃ ᠵᠢᠱᠢᠶᠡᠯᠡᠪᠡᠯ᠂ ︽ᠤᠷᠳᠤᠲ᠋ᠤᠤᠯᠢᠰ ᠤᠨ ᠪᠣᠳᠢ︾ ᠨᠢ 480 ᠢᠵᠢ ᠲᠤᠤᠯᠢᠰ ᠳᠣᠲᠣᠷ᠎ᠠ ᠠᠴᠠ ᠰᠣᠩᠭᠤᠨ | ᠭᠠᠷᠭᠠᠭᠰᠠᠨ 62 ᠪᠦᠲᠦᠭᠡᠯ ᠵᠶ᠋ᠠᠷᠪᠦ᠋ᠷᠢᠯᠳᠦᠵᠡᠶ᠃ | ᠴᠤᠪᠤᠷᠠᠯ ᠪᠢᠴᠢᠭ ᠤᠨ ᠠᠷᠠᠳ ᠤᠨ ᠠᠮᠠᠨ ᠵᠣᠬᠢᠶᠠᠯ ᠤᠨ ᠪᠦᠲᠦᠭᠡᠯ ᠨᠢ ᠮᠣᠩᠭᠤᠯ ᠦᠨᠳᠦᠰᠦᠲᠡᠨ ᠤ ᠠᠷᠠᠳᠲ᠋ᠦ᠋ᠮᠡᠨ ᠤ ᠡᠷᠳᠡᠨ ᠠᠴᠠ | ᠠᠪᠤᠭᠠᠳ ᠬᠦᠭᠡᠭᠡᠴᠡᠯᠳᠦᠭᠰᠡᠭᠡᠷ ᠢᠷᠡᠭᠰᠡᠨ ᠦᠨᠡᠨ ᠰᠠᠶᠢᠨ ᠰᠠᠶᠢᠬᠠᠨ ᠤ ᠬᠥᠭᠡᠭᠡᠴᠡᠯᠳᠦᠯ᠂ ᠪᠠᠶᠢᠭᠠᠯᠢᠶ᠋ᠢᠷᠳᠢᠨᠴᠦ ᠵᠢᠴᠢ ᠪᠤᠰᠤᠳ ᠦᠨᠳᠦᠰᠦᠲᠡᠨ ᠲᠠᠢ ᠡᠶ᠎ᠡ | ᠨᠠᠶᠢᠷᠰᠠᠭ ᠢᠶᠠᠷ ᠬᠠᠷᠢᠯᠴᠠᠬᠤ ᠪᠠ ᠡᠩᠭᠡ ᠲᠠᠶᠢᠪᠤᠡᠭ ᠢ ᠡᠷᠬᠢᠮᠯᠡᠬᠦ ᠵᠢᠵᠣᠷᠢᠬᠤ ᠦᠵᠡᠯ ᠰᠠᠨᠠᠭ᠎ᠠ ᠶᠢ ᠢᠯᠡᠳᠭᠡᠵᠦ᠂ ᠮᠣᠩᠭᠤᠯ ᠦᠨᠳᠦᠰᠦᠲᠡᠨ ᠤ ᠡᠯᠪᠡᠭ | ᠪᠠᠶᠠᠯᠢᠭ ᠰᠢᠯᠢᠳᠡᠭ ᠠᠷᠠᠳ ᠤᠨ ᠠᠮᠠᠨᠵᠣᠬᠢᠶᠠᠯ ᠤᠨ ᠥᠪ ᠢ ᠲᠥᠪᠯᠡᠷᠡᠩᠭᠦᠢ ᠪᠠᠷ ᠳᠡᠯᠭᠡᠨ ᠦᠵᠡᠭᠦᠯᠵᠦ᠂ ᠮᠣᠩᠭᠤᠯ ᠦᠨᠳᠦᠰᠦᠲᠡᠨ ᠤ ᠠᠷᠠᠳ ᠲᠦᠮᠡᠨ ᠤ | ᠡᠷᠡᠭᠦᠯᠪᠠᠶᠠᠯᠢᠭ ᠳᠣᠲᠣᠭᠠᠳᠤ ᠰᠡᠳᠬᠢᠯᠭᠡ ᠵᠢᠴᠢ ᠤᠯᠠᠨ ᠠᠴᠠ ᠬᠡᠳᠦᠶᠢᠳᠦᠭᠰᠡᠨ ᠤᠷᠠᠯᠢᠭ ᠤᠨ ᠠᠪᠢᠶᠠᠰ ᠴᠢᠳᠠᠪᠤᠷᠢ ᠶᠢ ᠢᠯᠡᠷᠡᠬᠦᠯᠦᠭᠰᠡᠨᠪᠠᠶᠢᠨᠠ᠃ |