ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠬᠠᠷᠢᠶᠠᠲᠤ ᠳᠤᠮᠳᠠᠳᠤ ᠰᠤᠷᠭᠠᠭᠤᠯᠢ ᠶᠢᠨ ᠬᠦᠬᠡᠬᠤᠲᠠ ᠳᠠᠬᠢ ᠬᠤᠪᠢᠶᠠᠷᠢ ᠰᠤᠷᠭᠠᠭᠤᠯᠢ ᠫᠠᠶᠢᠰᠠ ᠡᠯᠬᠦᠪᠡ
ᠨᠡᠶᠢᠲᠡᠯᠡᠭᠰᠡᠨ ᠴᠠᠭ᠄
2019/7/5
     ᠤᠢᠢᠷ᠎ᠠ ᠳᠤ᠂ ᠲᠥᠪ ᠤᠨ ᠦᠨᠳᠦᠰᠦᠲᠡᠨ ᠤ  ᠶᠡᠭᠡ  ᠰᠤᠷᠭᠠᠭᠤᠯᠢ ᠶᠢᠨ  ᠬᠠᠷᠢᠶᠠᠲᠤ  ᠳᠤᠮᠳᠠᠳᠤ  ᠰᠤᠷᠭᠠᠭᠤᠯᠢ ᠵᠢᠨ‌‍ᠬᠦ᠋ᠬᠡᠬᠤᠲᠠ ᠳᠠᠬᠢ ᠬᠤᠪᠢᠶᠠᠷᠢ ᠰᠤᠷᠭᠠᠭᠤᠯᠢ ᠶᠢᠨ ᠫᠠᠶᠢᠰᠠ ᠡᠯᠬᠦᠬᠦ ᠶᠣᠰᠤᠯᠠᠯ ᠶᠠᠪᠤᠭᠳᠠᠪᠠ᠃             ᠣᠶᠢᠯᠠᠭᠠᠭᠰᠠᠨ ᠢᠶᠠᠷ᠂  ᠦᠨᠳᠦᠰᠦᠲᠡᠨ ᠤ  ᠣᠷᠣᠨ ᠤ  ᠰᠤᠷᠭᠠᠨ  ᠬᠥᠮᠦᠵᠢᠯ ᠤᠨ  ᠬᠥᠭᠵᠢᠯᠲᠡ ᠶᠢ  ᠠᠬᠢᠭᠤᠯᠵᠤ᠂ ᠪᠡᠭᠡᠵᠢᠩ ᠪᠠ ᠥᠪᠥᠷ ᠮᠣᠩᠭᠤᠯ ᠤᠨ ᠠᠵᠢᠯ ᠲᠦᠷᠦᠯ ᠢᠶᠠᠷ ᠵᠤᠯᠭᠠᠯᠴᠠᠭᠤᠯᠤᠨ ᠳᠡᠮᠵᠢᠯᠬᠡ ᠦᠵᠡᠬᠦᠯᠬᠦ ᠬᠠᠮᠢᠶ᠎ᠠ  ᠪᠦᠬᠦᠢ  ᠵᠣᠷᠢᠭ ᠰᠠᠨᠠᠭ᠎ᠠ ᠶᠢ ᠦᠨᠳᠦᠰᠦᠯᠡᠨ  ᠲᠤᠰ  ᠰᠤᠷᠭᠠᠭᠤᠯᠢ ᠶᠢ  ᠪᠠᠶᠢᠭᠤᠯᠤᠭᠰᠠᠨ  ᠪᠠᠶᠢᠨ᠎ᠠ᠃  ᠰᠤᠷᠭᠠᠭᠤᠯᠢ ᠶᠢᠨ  ᠲᠦᠯᠦᠪᠵᠢᠬᠦᠯᠦᠭᠰᠡᠨ‌‍ᠲ᠋ᠠᠯᠠᠪᠠᠢ 350  ᠮᠦ  ︵ᠬᠤᠳᠤᠩ  ᠠᠷᠠᠳ ᠤᠨ  ᠳᠤᠭᠤᠷᠢᠭ ᠤᠨ  ᠬᠠᠶᠢᠯᠠᠷ  ᠪᠠᠷᠠᠭᠤᠨ  ᠵᠡᠭᠡᠯᠢ︶᠂ ᠰᠤᠷᠭᠠᠭᠤᠯᠢ  ᠡᠷᠬᠢᠯᠡᠬᠦ ᠬᠡᠪᠴᠢᠶ᠎ᠡ ᠨᠢ ᠠᠩᠬ᠎ᠠ ᠳᠤᠮᠳᠠᠳᠤ᠂ ᠳᠡᠭᠡᠳᠦ  ᠳᠤᠮᠳᠠᠳᠤ ᠶᠢᠨ  ᠨᠡᠶᠢᠲᠡ  4000  ᠰᠤᠷᠤᠭᠴᠢ ᠶᠢ  ᠪᠠᠭᠳᠠᠭᠠᠵᠦ᠂ 2019ᠣᠨ ᠠᠴᠠ ᠡᠬᠢᠯᠡᠨ ᠨᠢᠭᠡᠳᠦᠭᠡᠷ ᠪᠦᠯᠦᠭ ᠰᠤᠷᠤᠭᠴᠢᠳ ᠢ ᠡᠯᠰᠡᠬᠦ ᠪᠠᠷ ᠪᠠᠶᠢᠨ᠎ᠠ᠃              2019 ᠣᠨ ᠳᠤ ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠬᠠᠷᠢᠶᠠᠲᠤ ᠳᠤᠮᠳᠠᠳᠤ  ᠰᠤᠷᠭᠠᠭᠤᠯᠢ ᠵᠢᠨ‌‍ᠬᠦ᠋ᠬᠡᠬᠤᠲᠠ ᠳᠠᠬᠢ ᠬᠤᠪᠢᠶᠠᠷᠢ ᠰᠤᠷᠭᠠᠭᠤᠯᠢ ᠨᠢ ᠠᠩᠬᠠᠳᠤᠭᠠᠷ ᠬᠤᠭᠤᠴᠠᠭᠠᠨ ᠤ ᠦᠨᠳᠦᠷ ᠳᠤᠮᠳᠠᠳᠤ ᠶᠢᠨ ᠨᠢᠭᠡᠳᠦᠭᠡᠷ  ᠣᠨ ᠳᠤ 6 ᠠᠩᠭᠢ᠂ ᠠᠩᠭᠢ ᠪᠣᠯᠭᠠᠨ 45 ᠬᠥᠮᠦᠨ᠂ ᠨᠡᠶᠢᠲᠡ 270 ᠰᠤᠷᠤᠭᠴᠢ ᠡᠯᠰᠡᠬᠦ ᠪᠠᠷ ᠪᠠᠶᠢᠨ᠎ᠠ᠃ ᠬᠦᠬᠡᠬᠤᠲᠠ ᠶᠢᠨ ᠡᠩ ‍ᠤᠨ‌ᠦᠨᠳᠦᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ︽ᠨᠢᠬᠡᠳᠦᠯᠳᠡᠢ ᠡᠯᠰᠡᠬᠦ︾  ᠲᠥᠯᠦᠪᠯᠡᠭᠡ ᠶᠢ  ᠬᠡᠷᠡᠭᠵᠢᠭᠦᠯᠵᠦ᠂ ᠰᠦᠯᠵᠢᠶᠡᠨ‌‍ᠲ᠋ᠡᠭᠡᠷ᠎ᠡ ᠡᠯᠰᠡᠨ᠎ᠡ᠃ ᠠᠩᠬ᠎ᠠ ᠳᠤᠮᠳᠠᠳᠤ ᠶᠢᠨ ᠨᠢᠭᠡᠳᠦᠭᠡᠷ ᠣᠨ ᠳᠤ 280 ᠰᠤᠷᠤᠭᠴᠢ ᠡᠯᠰᠡᠬᠦ ᠪᠠᠷ ᠲᠥᠯᠦᠪᠯᠡᠵᠦ᠂ ᠡᠭᠦᠨ ᠳᠤ ᠬᠤᠳᠤᠩ ᠠᠷᠠᠳ ᠤᠨ ᠳᠤᠭᠤᠷᠢᠭ ᠠᠴᠠ 180 ᠰᠤᠷᠤᠭᠴᠢ ᠡᠯᠰᠡᠨ᠎ᠡ᠃  ᠴᠥᠬᠡᠨ  ᠲᠣᠭᠠᠲᠤ  ᠦᠨᠳᠦᠰᠦᠲᠡᠨ ᠤ  ᠣᠷᠣᠨ ᠤ ᠰᠢᠯᠢᠳᠡᠭ  ᠴᠢᠳᠠᠪᠤᠷᠢᠲᠠᠨ ᠢ  ᠬᠥᠮᠦᠵᠢᠭᠦᠯᠬᠦ ᠶᠢ  ᠴᠢᠩᠭᠠᠳᠬᠠᠵᠤ᠂ ᠪᠦᠬᠦ  ᠬᠤᠲᠠ ᠳᠤ  ᠬᠠᠨᠳᠤᠭᠤᠯᠤᠨ  ᠴᠥᠬᠡᠨ ᠲᠣᠭᠠᠲᠤ ᠦᠨᠳᠦᠰᠦᠲᠡᠨ ᠤ ᠠᠩᠭᠢ ᠪᠠ ᠤᠷᠠᠯᠢᠭ ᠤᠨ ᠤᠷ᠎ᠠ ᠠᠪᠢᠶᠠᠰ ᠤᠨ ᠠᠩᠭᠢ ᠲᠤᠰᠪᠣᠷᠢ ᠨᠢᠭᠡ ᠠᠩᠬᠢ ᠡᠯᠰᠡᠨ᠎ᠡ᠃
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ